ᠢᠮᠠᠭ᠎ᠠ ᠪᠤᠯᠪᠠᠰᠤ ᠠᠳᠠᠷ ᠲᠠᠯ᠎ᠠ᠂ ᠵᠤ ᠰᠢᠯᠢ᠂ ᠠᠭᠤᠯᠠ ᠭᠠᠩᠭ᠎ᠠ ᠪᠠᠷ᠂ ᠲᠤᠷ᠎ᠠ ᠪᠠᠷ ᠢᠶᠠᠨ ᠭᠤᠳᠤᠭᠠᠨᠠᠨ ᠶᠠᠪᠤᠵᠦ | ᠬᠢᠶᠠᠭ᠂ ᠬᠢᠯᠭᠠᠨ᠎ᠠ᠂ ᠮᠠᠩᠭᠢᠷ᠂ ᠲᠠᠭᠠᠨ᠎ᠠ᠂ ᠪᠤᠷᠤᠯᠵᠢ᠂ ᠵᠡᠬᠡᠷᠬᠡᠨ᠎ᠡ᠂ ᠠᠬᠢ᠂ ᠰᠢᠷᠠᠯᠵᠢ᠂ ᠡᠪᠡᠰᠦᠨ ᠦᠨᠳᠦᠰᠦ | ᠵᠡᠷᠬᠡ ᠶᠢ ᠮᠠᠯᠳᠠᠯᠠᠨ ᠢᠳᠡᠳᠡᠭ ᠪᠤᠯᠪᠠᠴᠦ ᠤᠰᠤ ᠪᠠᠭ᠎ᠠ ᠤᠤᠭᠤᠳᠠᠭ ᠲᠤᠯᠠ ᠰᠦᠨ ᠢᠨᠦ ᠰᠢᠩᠬᠡᠨ ᠴᠡᠩᠬᠡᠷᠯᠢᠭ | ᠦᠩᠬᠡ ᠲᠠᠢ᠂ ᠲᠤᠭᠰᠢᠨ ᠴᠢᠨᠠᠷᠳᠠᠢ ᠪᠤᠯᠠᠢ᠃ ᠢᠮᠠᠭᠠᠨ ᠰᠦᠨ ᠤ ᠲᠤᠰᠤᠯᠢᠭ ᠤᠨ ᠬᠡᠮᠵᠢᠶ᠎ᠡ ᠬᠢᠬᠡᠳ ᠤᠭᠤᠷᠠᠭ ᠤᠨ | ᠬᠡᠮᠵᠢᠶ᠎ᠡ ᠢᠨᠦ ᠦᠨᠢᠶᠡᠨ ᠰᠦᠨ ᠠᠴᠠ ᠪᠠᠭ᠎ᠠ ᠪᠠᠶᠢᠳᠠᠭ ᠲᠤᠯᠠ ᠠᠶᠢᠷᠠᠭ ᠲᠠᠷᠠᠭ ᠢᠰᠬᠡᠭᠦ ᠶᠢᠨ ᠰᠠᠶᠢᠨ ᠡᠬᠢ | ᠮᠠᠲ᠋ᠧᠷᠢᠶᠠᠯ ᠪᠤᠯᠳᠠᠭ ᠠᠵᠠᠢ᠃ ᠵᠢᠴᠢ ᠬᠤᠨᠢᠨ ᠰᠦᠨ ᠲᠠᠢ ᠠᠳᠠᠯᠢ ᠪᠢᠰᠢᠯᠠᠭ᠂ ᠴᠤᠷ᠎ᠠ᠂ ᠡᠬᠡᠵᠡᠬᠡᠢ᠂ ᠲᠠᠷᠠᠭ᠂ | ᠠᠶᠢᠷᠠᠭ ᠮᠠᠳᠦ ᠶᠢᠨ ᠢᠳᠡᠬᠡᠨ ᠤᠮᠳᠠᠭᠠᠨ ᠢ ᠪᠤᠯᠪᠠᠰᠤᠷᠠᠭᠤᠯᠵᠦ ᠪᠤᠯᠤᠮᠤᠢ᠃ | ᠢᠮᠠᠭᠠᠨ ᠰᠦᠨ ᠢᠨᠦ ᠭᠦᠩᠬᠡᠨ᠂ ᠰᠡᠷᠢᠭᠦᠨ ᠴᠢᠨᠠᠷᠳᠠᠢ ᠲᠤᠯᠠ ᠬᠢᠵᠢᠭ ᠡᠪᠡᠳᠴᠢᠨ᠂ ᠠᠮᠢᠰᠬᠤᠯ | ᠲᠠᠪᠬᠤᠴᠠᠯᠳᠠ᠂ ᠴᠢᠰᠦᠨ ᠡᠪᠡᠳᠴᠢᠨ᠂ ᠰᠢᠷ᠎ᠠ ᠶᠢᠨ ᠬᠠᠯᠠᠭᠤᠨ ᠳᠤᠷ ᠲᠤᠰᠠᠯᠠᠨ᠎ᠠ ᠬᠡᠮᠡᠨ ᠤᠤᠭᠤᠳᠠᠭ ᠪᠤᠯᠠᠢ᠃ | ᠮᠦᠨ ︽ᠲᠠᠪᠤᠨ ᠴᠤᠯᠤ ᠶᠢ ᠰᠢᠮᠡᠵᠢᠭᠦᠯᠵᠦ᠂ ᠲᠠᠮᠢᠷ ᠢ ᠲᠡᠵᠢᠬᠡᠨ᠂ ᠰᠢᠩᠬᠡᠨ ᠮᠦᠷ ᠦᠵᠡᠭᠦᠢ ᠳᠤᠷ ᠲᠤᠰᠠᠯᠠᠨ᠂ | ᠬᠡᠢ ᠤᠭᠰᠢᠭᠤᠯᠤᠯᠳᠠ᠂ ᠬᠤᠳᠤᠭᠤᠳᠤᠨ ᠡᠪᠡᠳᠴᠢᠨ ᠪᠠ ᠬᠠᠷ᠎ᠠ ᠪᠦᠬᠡᠷᠡᠨ ᠦᠷᠪᠢᠰᠦᠯ ᠢ ᠡᠮᠨᠡᠭᠦ ᠴᠢᠳᠠᠯ ᠲᠠᠢ︾ | ᠬᠡᠮᠡᠨ ᠰᠢᠨᠵᠢᠯᠡᠭᠦᠢ ᠤᠬᠠᠭᠠᠨ ᠤ ᠮᠡᠳᠡᠯᠬᠡ ᠳᠤᠷ ᠶᠠᠷᠢᠵᠤᠬᠤᠢ᠃ ︽ᠮᠤᠩᠭᠤᠯ ᠡᠮ ᠤᠨ ᠤᠶᠢᠯᠠᠯᠭ᠎ᠠ︾ ᠬᠡᠭᠦ ᠨᠤᠮ | ᠳᠤᠷ ︽ᠢᠮᠠᠭᠠᠨ ᠰᠦᠨ᠂ ᠴᠢᠰᠦ ᠰᠢᠷ᠎ᠠ ᠶᠢᠨ ᠬᠠᠯᠠᠭᠤᠨ ᠢ ᠠᠷᠢᠯᠭᠠᠬᠤ᠂ ᠠᠮᠢᠰᠬᠤᠯ ᠢ ᠠᠭᠤᠵᠢᠷᠠᠭᠤᠯᠬᠤ᠂ ᠤᠮᠳᠠ | ᠲᠠᠷᠤᠬᠤ᠂ ᠬᠢᠵᠢᠭ ᠠᠨᠠᠭᠠᠬᠤ ᠴᠢᠳᠠᠯ ᠲᠠᠢ︾ ᠬᠡᠮᠡᠵᠤᠭᠦᠢ᠃ | ᠢᠮᠠᠭ᠎ᠠ ᠰᠠᠭᠠᠬᠤᠢ ᠬᠢᠬᠡᠳ ᠰᠦᠨ ᠢ ᠪᠤᠯᠪᠠᠰᠤᠷᠠᠭᠤᠯᠠᠬᠤᠢ ᠠᠨᠤ ᠬᠤᠨᠢ ᠰᠠᠭᠠᠬᠤᠢ ᠬᠢᠬᠡᠳ ᠰᠦᠨ | ᠪᠤᠯᠪᠠᠰᠤᠷᠠᠭᠤᠯᠬᠤᠢ ᠯᠤᠭ᠎ᠠ ᠠᠳᠠᠯᠢ ᠪᠤᠯᠠᠢ᠃ ᠡᠭᠦᠨ᠎ᠡ᠂ ᠬᠤᠨᠢᠨ ᠰᠦᠨ ᠤ ᠲᠤᠰᠤᠯᠢᠭ ᠠᠨᠤ ᠶᠡᠭᠡ᠂ ᠢᠰᠦᠯᠳᠠ | ᠢᠨᠦ ᠦᠨᠳᠦᠷ ᠪᠦᠬᠡᠳ ᠲᠦᠷᠬᠡᠨ ᠲᠤᠯᠠ ᠠᠶᠢᠷᠠᠭ ᠢᠰᠬᠡᠵᠦ ᠪᠤᠯᠳᠠᠭ ᠦᠬᠡᠢ ᠠᠵᠤᠭᠤ᠃ ᠠᠶᠢᠷᠠᠭ ᠲᠤᠷ ᠬᠤᠨᠢᠨ | ᠰᠦᠨ ᠨᠠᠮᠠᠪᠠᠰᠤ ᠠᠶᠢᠷᠠᠭ ᠡᠪᠳᠡᠷᠡᠴᠢᠬᠡᠳᠡᠭ ᠪᠤᠯᠠᠢ᠃ ᠬᠡᠳᠡᠯ᠎ᠡ ᠢᠮᠠᠭᠠᠨ ᠰᠦᠨ ᠤ ᠲᠤᠰᠤᠯᠢᠭ ᠤᠨ ᠬᠡᠮᠵᠢᠶ᠎ᠡ᠂ | ᠤᠭᠤᠷᠠᠭ ᠤᠨ ᠬᠡᠮᠵᠢᠶ᠎ᠡ ᠢᠨᠦ ᠪᠠᠭ᠎ᠠ ᠲᠤᠯᠠ ᠠᠶᠢᠷᠠᠭ ᠲᠠᠷᠠᠭ ᠢᠰᠬᠡᠭᠦᠢ ᠳᠤᠷ ᠰᠠᠶᠢᠨ ᠠᠵᠤᠭᠤ᠃ |