ᠴᠠᠭᠠᠨ ᠢᠳᠡᠬᠡᠨ ᠲᠤᠳᠤᠷ᠎ᠠ᠂ ᠦᠨᠢᠶᠡᠨ ᠰᠦᠨ ᠪᠤᠯᠪᠠᠰᠤ ᠰᠢᠮ᠎ᠡ ᠲᠡᠭᠦᠰ᠂ ᠠᠮᠳᠠ ᠲᠡᠭᠦᠯᠳᠡᠷ ᠪᠤᠯᠠᠢ᠃ | ᠦᠨᠢᠶᠡᠨ ᠤ ᠰᠦᠨ ᠪᠤᠯᠪᠠᠰᠤ ᠭᠠᠷᠤᠯᠳᠠ ᠪᠠᠷ ᠬᠠᠮᠤᠭ ᠤᠨ ᠠᠷᠪᠢᠨ᠂ ᠬᠡᠷᠡᠭᠴᠡᠭᠡ ᠪᠠᠷ ᠬᠠᠮᠤᠭ ᠤᠨ ᠶᠡᠭᠡ ᠪᠦᠬᠡᠳ | ᠴᠠᠭᠠᠨ ᠢᠳᠡᠬᠡᠨ ᠪᠤᠯᠪᠠᠰᠤᠷᠠᠭᠤᠯᠬᠤ ᠶᠢᠨ ᠭᠤᠤᠯ ᠲᠦᠭᠦᠬᠡᠢ ᠡᠳ᠋ ᠪᠤᠯᠬᠤ ᠦᠶ᠎ᠡ᠂ ᠮᠠᠨ ᠤ ᠤᠷᠤᠨ ᠤ ᠡᠯ᠎ᠡ | ᠠᠶᠢᠮᠠᠭ ᠬᠤᠰᠢᠭᠤᠨ ᠤ ᠮᠠᠯᠴᠢᠳ ᠴᠦᠮ ᠦᠨᠢᠶᠡᠨ ᠤ ᠰᠦᠨ ᠢ ᠡᠷᠬᠢᠮᠯᠡᠨ ᠰᠠᠭᠠᠵᠦ᠂ ᠲᠡᠭᠦᠨ ᠢᠶᠠᠷ ᠬᠤᠷᠤᠳ᠂ | ᠰᠢᠷ᠎ᠠ ᠲᠤᠰᠤ᠂ ᠠᠭᠠᠷᠤᠤᠯ᠂ ᠡᠬᠡᠵᠡᠬᠡᠢ᠂ ᠴᠠᠭᠠᠨ ᠲᠤᠰᠤ᠂ ᠵᠤᠬᠡᠬᠡᠢ᠂ ᠦᠷᠦᠮ᠎ᠡ᠂ ᠪᠢᠰᠢᠯᠠᠭ᠂ ᠴᠦᠴᠦᠬᠡᠢ᠂ | ᠰᠦᠨ ᠲᠠᠯᠬ᠎ᠠ ᠵᠡᠷᠬᠡ ᠶᠢ ᠪᠤᠯᠪᠠᠰᠤᠷᠠᠭᠤᠯᠤᠨ ᠠᠪᠳᠠᠭ ᠪᠦᠬᠡᠳ ᠠᠶᠢᠷᠠᠭ ᠪᠤᠭᠰᠢᠭᠠᠨ ᠴᠠᠭ᠎ᠠ ᠪᠤᠴᠠᠯᠭᠠᠵᠦ᠂ ᠰᠠᠭᠠᠯᠢ | ᠶᠢᠨ ᠠᠷᠢᠬᠢ ᠰᠠᠷᠬᠤᠳ ᠤᠨ ᠲᠡᠬᠡᠵᠢ ᠶᠢ ᠨᠠᠷᠠᠳᠡᠭ ᠪᠦᠯᠦᠬᠡ᠃ | ᠡᠷᠳᠡᠨ ᠠᠴᠠ ᠡᠳᠦᠬᠡ ᠭᠦᠷᠳᠡᠯ᠎ᠡ ᠮᠠᠨᠠᠶᠢᠬᠢᠨ ᠦᠨᠢᠶᠡᠨ ᠰᠦᠨ ᠢ ᠠᠮᠳᠠᠳᠠᠢ ᠪᠦᠬᠡᠳ ᠰᠡᠷᠢᠭᠦᠨ ᠴᠢᠨᠠᠷᠳᠠᠢ ᠬᠡᠮᠡᠨ | ᠦᠨᠡᠯᠡᠭᠰᠡᠬᠡᠷ ᠢᠷᠡᠭᠰᠡᠨ ᠪᠦᠯᠦᠬᠡ᠂ ᠡᠶᠢᠨ ᠭᠦ ᠰᠠᠶ᠋ᠢᠬᠠᠨ ᠰᠠᠭᠠᠭᠰᠠᠨ ᠬᠠᠯᠠᠭᠤᠨ ᠰᠦᠨ ᠪᠤᠶᠦ ᠡᠰᠡᠭᠦᠯ᠎ᠡ ᠵᠦᠬᠡᠯᠡᠨ | ᠭᠠᠯ ᠲᠡᠬᠡᠷ᠎ᠡ ᠭᠦᠬᠡᠷᠦᠭᠦᠯᠦᠭᠰᠡᠨ ᠰᠦᠨ ᠢ ᠤᠤᠭᠤᠪᠠᠰᠦ ᠰᠢᠩᠬᠡᠬᠡᠯᠳᠠ ᠶᠢ ᠰᠠᠶᠢᠵᠢᠷᠠᠭᠤᠯᠤᠨ᠂ ᠬᠡᠢ ᠬᠤ᠋ ᠶᠢ | ᠲᠠᠷᠤᠵᠦ᠂ ᠴᠢᠰᠦᠨ ᠳᠤᠷ ᠲᠤᠰᠠᠯᠠᠨ᠂ ᠲᠠᠮᠢᠷ ᠰᠦᠯᠳᠠ ᠶᠢ ᠨᠡᠮᠡᠭᠳᠡᠭᠦᠯᠭᠦ ᠪᠦᠬᠡᠳ ᠰᠠᠪᠠ ᠴᠤᠯᠤ ᠶᠢᠨ ᠬᠠᠯᠠᠭᠤᠨ | ᠠᠴᠠ ᠲᠠᠶᠢᠯᠬᠤ ᠴᠢᠳᠠᠯᠳᠠᠢ ᠬᠡᠮᠡᠨ ᠡᠷᠬᠢᠮᠨᠡᠳᠡᠭ ᠪᠦᠯᠦᠬᠡ᠃ ᠡᠨᠡ ᠲᠤᠬᠠᠢ ᠶᠤᠸᠠᠨ ᠤᠯᠤᠰ ᠤᠨ ︽ᠢᠳᠡᠬᠡᠨ | ᠤᠮᠳᠠᠭᠠᠨ ᠤ ᠵᠢᠩᠬᠢᠨᠢ ᠲᠤᠪᠴᠢ︾ ᠳᠤᠷ ︽ᠦᠨᠢᠶᠡᠨ ᠰᠦᠨ ᠢ ᠰᠢᠷᠭᠤᠯᠵᠠᠭᠠᠨᠠ ︵ᠪᠢᠪᠢᠯᠢᠩ︶ ᠶᠢᠨ ᠬᠠᠮᠳᠦ | ᠴᠢᠨᠠᠵᠦ ᠤᠤᠭᠤᠪᠠᠰᠦ ᠶᠤᠯᠬᠤᠳᠠᠰᠦ ᠡᠪᠡᠳᠴᠢᠨ ᠳᠤᠷ ᠨᠡᠷᠪᠡᠭᠳᠡᠭᠰᠡᠳ ᠢ ᠲᠦᠷᠬᠡᠨ ᠡᠳᠡᠬᠡᠷᠡᠭᠦᠯᠵᠦ ᠴᠢᠳᠠᠮᠤᠢ︾ | ᠬᠡᠮᠡᠨ ᠲᠡᠮᠳᠡᠭᠯᠡᠭᠰᠡᠨ ᠴᠦ ᠪᠤᠢ᠃ | ᠵᠠᠷᠢᠮ ᠡᠷᠳᠡᠮᠳᠡᠳ ᠦᠨᠢᠶᠡᠨ ᠰᠦᠨ ᠢ ᠸᠢᠲ᠋ᠠᠮᠢᠨB2 ᠬᠢᠬᠡᠳ ᠸᠢᠲ᠋ᠠᠮᠢᠨA ᠶᠢᠨ ᠡᠬᠢ ᠰᠤᠷᠪᠤᠯᠵᠢ ᠬᠡᠮᠡᠨ | ᠦᠨᠡᠯᠡᠵᠤᠭᠦᠢ᠃ ᠡᠶᠢᠨ ᠭᠦ᠋ ᠦᠨᠢᠶᠡᠨ ᠰᠦ ᠶᠢ ᠨᠢᠯᠬ᠎ᠠ ᠬᠡᠤᠬᠡᠳ ᠤᠨ ᠤᠶᠤᠨ ᠲᠠᠷᠢᠬᠢᠨ ᠤ ᠪᠤᠶᠢᠵᠢᠯᠳᠠ ᠳᠤᠷ | ᠴᠢᠬᠤᠯᠠ ᠦᠢᠯᠡᠳᠦᠯ ᠦᠵᠡᠭᠦᠯᠭᠦ ᠮᠦᠷᠳᠡᠬᠡᠨ ᠬᠡᠤᠬᠡᠳ ᠤᠨ ᠶᠠᠰᠤ ᠵᠦᠬᠡᠯᠡᠷᠡᠭᠦ ᠡᠪᠡᠳᠴᠢᠨ ᠢ ᠴᠦ ᠰᠡᠷᠬᠡᠶᠢᠯᠡᠵᠦ | ᠴᠢᠳᠠᠨ᠎ᠠ ᠬᠡᠮᠡᠵᠤᠭᠦᠢ᠃ ᠡᠨᠡ ᠢᠨᠦ ᠦᠨᠢᠶᠡᠨ ᠰᠦᠨ ᠳᠤᠷ ᠰᠢᠮ᠎ᠡ ᠲᠡᠵᠢᠬᠡᠯᠳᠦ ᠪᠤᠳᠠᠰ ᠤᠨ ᠡᠯᠪᠡᠭ ᠠᠭᠤᠯᠤᠭᠳᠠᠵᠦ | ᠪᠠᠶᠢᠬᠤ ᠶᠢᠨ ᠬᠡᠷᠡᠴᠢ ᠪᠤᠯᠠᠢ᠃ | ᠮᠠᠨ ᠤ ᠮᠤᠩᠭᠤᠯᠴᠤᠳ ᠤᠨ ᠰᠠᠭᠠᠯᠢ ᠶᠢᠨ ᠦᠨᠢᠶ᠎ᠡ ᠪᠤᠯᠪᠠᠰᠤ ᠪᠠᠰᠠ ᠨᠢᠬᠡᠨ ᠭᠦᠬᠡᠷᠦᠭᠦᠢ ᠠᠮᠢᠳᠠᠨ ᠠᠵᠤᠭᠤ᠃ | ᠲᠡᠭᠦᠨ᠎ᠡ ᠭᠦᠮᠦᠨ ᠤ ᠮᠠᠳᠠᠯ ᠭᠦᠨᠳᠦ ᠬᠠᠶᠢᠷᠠᠩ ᠪᠠᠶᠢᠬᠤᠢ ᠶᠢᠨ ᠲᠤᠯᠠ ᠡᠵᠡᠨ ᠢᠶᠠᠨ ᠲᠠᠭᠤᠨ ᠢᠶᠠᠷ ᠲᠠᠨᠢᠵᠦ᠂ ᠦᠨᠦᠷ | ᠢᠶᠠᠷ ᠮᠡᠳᠡᠮᠤᠢ᠃ ᠡᠵᠡᠨ ᠳᠤᠷ ᠡᠬᠡᠨᠡᠭ᠂ ᠬᠤᠳᠠᠨ ᠳᠤᠷ ᠬᠤᠷᠭᠤ ᠠᠨᠤ ᠰᠠᠭᠠᠯᠢ ᠶᠢᠨ ᠦᠨᠢᠶᠡᠨ ᠤ ᠵᠠᠩ ᠪᠤᠯᠬᠤᠢ | ᠪᠠ ᠲᠡᠷᠡ ᠪᠠᠷ ᠰᠠᠭᠠᠮᠰᠢᠷᠠᠬᠤ ᠦᠶ᠎ᠡ ᠳᠤᠷ ᠬᠤᠳᠠᠨ᠎ᠠ ᠪᠤᠴᠠᠬᠤ ᠶᠢ ᠵᠦᠩᠬᠡᠷ ᠱᠠᠭᠠᠷᠳᠠᠵᠦ᠂ ᠲᠤᠯᠤᠭᠠᠢ ᠬᠠᠶᠠᠯᠤᠨ | ᠱᠤᠳᠤᠷᠤᠨ ᠱᠤᠳᠤᠷᠤᠨ ᠶᠠᠪᠤᠵᠦ᠂ ᠬᠠᠶᠠ ᠮᠦᠬᠡᠷᠡᠨ᠂ ᠬᠠᠶᠠ ᠭᠦᠭᠦᠳᠤᠨᠠᠨ ᠶᠠᠪᠤᠭᠰᠠᠭᠠᠷ ᠬᠤᠳᠠᠨ ᠳᠠᠭᠠᠨ ᠢᠷᠡᠵᠦ | ᠰᠠᠭᠠᠯᠠᠩ ᠳᠤᠷ ᠵᠤᠭᠰᠤᠨ᠂ ᠲᠤᠭᠤᠯ ᠦᠬᠡᠳᠠ ᠨᠢᠬᠡᠨᠳᠠ ᠮᠦᠬᠡᠷᠡᠨ ᠂ ᠬᠡᠷ ᠦᠬᠡᠳᠠ ᠨᠢᠬᠡᠨᠳᠠ ᠬᠠᠷᠠᠵᠦ᠂ ᠡᠶᠢᠨ ᠭᠦ | ᠭᠦᠯᠢᠴᠡᠨ ᠠᠬᠤ ᠪᠤᠯᠠᠢ᠃ ᠦᠨᠢᠶ᠎ᠡ ᠶᠢ ᠰᠠᠭᠠᠬᠤᠢ ᠳᠠᠭᠠᠨ ᠤᠷᠢᠳᠡᠪᠡᠷ ᠲᠤᠭᠤᠯ ᠢ ᠠᠨᠤ ᠦᠨᠦᠷᠳᠦᠭᠦᠯᠦᠨ | ᠭᠦᠭᠦᠭᠦᠯᠵᠦ ᠢᠪᠡᠯᠬᠡᠭᠰᠡᠨ ᠤ ᠲᠠᠷᠠᠭ᠎ᠠ ᠰᠠᠭᠠᠳᠠᠭ ᠪᠤᠯᠠᠢ᠃ ᠮᠤᠩᠭᠤᠯ ᠪᠦᠰᠡᠭᠦᠶᠢᠴᠤᠳ ᠦᠨᠢᠶ᠎ᠡ ᠰᠠᠭᠠᠬᠤᠢ ᠳᠠᠭᠠᠨ | ᠶᠡᠬᠡᠳᠠ ᠪᠤᠯᠭᠤᠮᠵᠢᠳᠠᠢ ᠤᠷᠤᠯᠳᠤᠳᠠᠭ ᠪᠦᠬᠡᠳ ᠰᠠᠶ᠋ᠢᠬᠠᠨ ᠲᠤᠭᠤᠯᠯᠠᠭᠰᠠᠨ ᠤᠷᠤᠭ᠎ᠠ ᠭᠤᠤᠠᠵᠢ ᠶᠢ ᠰᠠᠭᠠᠬᠤᠢ ᠳᠠᠭᠠᠨ | ᠭᠤᠶᠠᠳᠠᠵᠦ ᠴᠤᠬᠢᠵᠦ ᠰᠤᠷᠭᠠᠳᠠᠭ ᠦᠬᠡᠢ᠃ ᠬᠠᠷᠢᠨ ᠨᠠᠮᠬᠠᠨ ᠲᠦᠯᠬᠡᠨ ᠢᠶᠠᠷ ᠲᠤᠭᠤᠯ ᠢ ᠠᠨᠤ ᠭᠦᠭᠦᠭᠦᠯᠵᠦ᠂ | ᠭᠦᠵᠦᠭᠦᠦ ᠰᠡᠬᠡᠷ ᠲᠠᠰᠢᠶ᠎ᠠ ᠴᠢᠪᠢ ᠶᠢ ᠠᠨᠤ ᠮᠠᠭᠠᠵᠢᠵᠵᠦ᠂ ᠲᠠᠭᠠᠯᠠᠮᠵᠢᠳᠠᠶᠢᠬᠠᠨ ᠬᠡᠪᠢᠭᠦ ᠶᠢ ᠠᠰᠢᠭᠯᠠᠨ ᠲᠡᠯᠡᠩ ᠢ | ᠢᠨᠦ ᠪᠤᠴᠠᠯᠦᠩ ᠤᠰᠤ ᠪᠠᠷ ᠤᠬᠢᠶᠠᠨ ᠴᠡᠪᠡᠷᠯᠡᠵᠦ᠂ ᠨᠠᠷᠠᠨ ᠳᠤᠷ ᠡᠬᠡᠬᠡᠨ ᠬᠠᠳᠠᠭᠠᠭᠰᠠᠨ ᠰᠠᠭᠤᠯᠠᠭ᠎ᠠ ᠶᠤᠭᠠᠨ | ᠠᠪᠴᠦ ᠵᠦᠪᠳᠡᠢ ᠲᠠᠯ᠎ᠠ ᠳᠤᠨᠢ ᠴᠤᠮᠴᠤᠶᠢᠨ ᠰᠠᠭᠤᠵᠦ ᠰᠠᠭᠠᠳᠠᠭ ᠪᠦᠯᠦᠬᠡ᠃ ᠦᠨᠢᠶ᠎ᠡ᠂ ᠢᠯᠠᠠᠭᠠ ᠪᠠᠳᠠᠭᠠᠨ᠎ᠠ ᠳᠤᠷ | ᠬᠠᠵᠠᠭᠳᠠᠭᠠᠳ ᠲᠡᠪᠡᠬᠡᠨᠡᠭᠦ ᠳᠡᠭᠡᠨ ᠤᠯᠠᠮ ᠢᠶᠠᠷ ᠠᠭᠤᠷᠯᠠᠨ ᠴᠡᠩᠬᠡᠶᠢᠵᠦ ᠰᠦᠨ ᠦᠯᠦ ᠭᠠᠷᠬᠤ ᠠᠴᠠ ᠰᠡᠷᠬᠡᠶᠢᠯᠡᠵᠦ᠂ | ᠵᠤᠳᠤᠵᠦ ᠴᠤᠬᠢᠬᠤ ᠶᠢ ᠴᠡᠬᠡᠷᠯᠡᠳᠡᠭ ᠠᠵᠤᠭᠤ᠃ ᠮᠠᠯᠴᠢᠨ ᠤᠷᠤᠨ᠎ᠠ ᠮᠠᠯ ᠰᠦᠷᠦᠭ ᠵᠤᠵᠠᠭᠠᠨ ᠲᠤᠯᠠ ᠲᠦᠯᠯᠡᠭᠦ | ᠬᠤᠭᠤᠴᠠᠭᠠᠨ᠎ᠠ ᠵᠠᠷᠢᠮ ᠠᠨᠤ ᠬᠡᠬᠡᠷ᠎ᠡ ᠭᠠᠳᠠᠨ᠎ᠠ ᠲᠤᠭᠤᠯᠯᠠᠵᠦ᠂ ᠲᠤᠭᠤᠯ ᠢᠶᠠᠨ ᠭᠤᠯᠤᠬᠤ ᠦᠵᠡᠭᠳᠡᠯ ᠴᠦ ᠭᠠᠷᠳᠠᠭ | ᠪᠤᠯᠠᠢ᠃ ᠡᠨᠡ ᠦᠶ᠎ᠡ ᠳᠤᠷ ᠮᠠᠯᠴᠢᠨ ᠪᠦᠰᠡᠭᠦᠶᠢᠴᠤᠳ ︽ᠭᠦᠭ︕ ᠭᠦᠭ︕︾ ᠬᠡᠮᠡᠨ ᠤᠷᠳᠤᠬᠠᠨ ᠠᠶᠠᠰ ᠲᠠᠢ | ᠤᠶᠠᠷᠠᠭᠤᠨ ᠲᠠᠭᠤᠨ ᠢ ᠲᠠᠭᠤᠯᠠᠵᠦ᠂ ᠡᠬᠡ ᠶᠢᠨ ᠬᠡᠪᠡᠯᠢ ᠶᠢᠨ ᠰᠠᠯᠢᠰᠦ ᠳᠤᠷ ᠲᠠᠪᠤᠰᠦ ᠬᠠᠴᠠᠷᠯᠠᠵᠦ ᠲᠤᠭᠤᠯ ᠤᠨ | ᠪᠦᠭᠰᠡᠨ ᠲᠡᠬᠡᠷ᠎ᠡ ᠲᠦᠷᠬᠢᠨ ᠰᠢᠨᠡᠬᠡᠨ ᠲᠦᠷᠦᠭᠰᠡᠨ ᠬᠡᠮᠡᠭᠦ ᠰᠡᠷᠡᠭᠳᠡᠯ ᠢ ᠡᠬᠡ ᠳᠤᠨᠢ ᠦᠭᠴᠦ ᠲᠤᠭᠤᠯ ᠢ ᠠᠨᠤ | ᠠᠪᠬᠠᠭᠤᠯᠳᠠᠭ ᠠᠵᠠᠢ᠃ | ᠮᠠᠨ ᠤ ᠤᠷᠤᠨ ᠤ ᠤᠯᠠᠩᠬᠢ ᠭᠠᠵᠠᠷ ᠦᠨᠢᠶ᠎ᠡ ᠶᠢ ᠵᠢᠯ ᠤᠨ ᠲᠦᠷᠪᠡᠨ ᠤᠯᠠᠷᠢᠯ ᠳᠤᠷ ᠴᠦᠮ ᠰᠠᠭᠠᠳᠠᠭ | ᠪᠦᠯᠦᠬᠡ᠃ ᠬᠠᠪᠤᠷ ᠡᠪᠤᠯ ᠤᠨ ᠤᠯᠠᠷᠢᠯ ᠳᠤᠷ ᠭᠤᠤᠯᠳᠠᠭᠤ ᠴᠠᠢ ᠨᠠᠶᠢᠯᠡᠭᠦᠯᠭᠦ᠂ ᠠᠶᠢᠷᠠᠭ ᠲᠡᠵᠢᠬᠡᠭᠦ᠂ ᠬᠡᠤᠬᠡᠳ | ᠨᠠᠰᠤᠳᠠᠨ ᠳᠤᠷ ᠲᠡᠵᠢᠬᠡᠯ ᠦᠭᠭᠦ ᠶᠢᠨ ᠲᠦᠯᠦᠬᠡ ᠦᠷᠯᠦᠬᠡ ᠦᠳᠡᠰᠢ ᠨᠢᠬᠡ ᠪᠠᠭᠠᠬᠠᠨ ᠰᠠᠭᠠᠳᠠᠭ ᠪᠤᠯᠠᠢ᠃ ᠬᠡᠪᠡᠴᠦ | ᠡᠨᠡ ᠢᠨᠦ ᠰᠠᠭᠠᠯᠢ ᠶᠢᠨ ᠬᠤᠭᠤᠴᠠᠭ᠎ᠠ ᠪᠢᠰᠢ᠂ ᠮᠠᠨ ᠤ ᠤᠷᠤᠨ ᠤ ᠰᠠᠭᠠᠯᠢ ᠶᠢᠨ ᠬᠤᠭᠤᠴᠠᠭ᠎ᠠ ᠪᠤᠯᠪᠠᠰᠤ ᠵᠡᠭᠦᠨ | ᠪᠠᠷᠠᠭᠤᠨ ᠤᠷᠤᠨ᠂ ᠲᠤᠮᠳᠠᠳᠦ ᠤᠷᠤᠨ ᠬᠢᠬᠡᠳ ᠠᠯᠳᠠᠨ ᠬᠢᠩᠭᠠᠨ ᠤ ᠠᠷᠦ ᠦᠪᠦᠷ ᠴᠦᠮ ᠠᠳᠠᠯᠢ ᠦᠬᠡᠢ ᠪᠤᠯᠠᠢ᠃ | ᠡᠨᠡ ᠢᠨᠦ ᠠᠭᠤᠷ ᠠᠮᠢᠰᠬᠤᠯ᠂ ᠤᠰᠤ ᠪᠡᠯᠴᠢᠬᠡᠷ ᠠᠴᠠ ᠪᠤᠯᠤᠭᠰᠠᠨ ᠠᠵᠤᠭᠤ᠃ ᠭᠤᠤᠯᠳᠠᠭᠤ ᠵᠤᠨ ᠤ ᠲᠤᠮᠳᠠ | ᠰᠠᠷ᠎ᠠ ᠶᠢᠨ ᠡᠬᠢᠨ ᠠᠴᠠ ᠡᠬᠢᠯᠡᠬᠡᠳ ᠨᠠᠮᠤᠷ ᠤᠨ ᠲᠤᠮᠳᠠ ᠰᠠᠷ᠎ᠠ ᠶᠢᠨ ᠡᠴᠤᠰ ᠪᠤᠯᠬᠤ ᠬᠤᠭᠤᠴᠠᠭᠠᠨ᠎ᠠ ᠦᠨᠢᠶ᠎ᠡ | ᠰᠠᠭᠠᠵᠦ ᠰᠠᠭᠠᠯᠢ ᠠᠪᠳᠠᠭ ᠪᠠ ᠡᠭᠦᠨ ᠢ ᠰᠠᠭᠠᠯᠢ ᠶᠢᠨ ᠬᠤᠭᠤᠴᠠᠭ᠎ᠠ ᠬᠡᠮᠡᠮᠤᠢ᠃ ᠰᠠᠭᠠᠯᠢ ᠶᠢᠨ ᠬᠤᠭᠤᠴᠠᠭᠠᠨ᠎ᠠ᠂ | ᠰᠠᠭᠠᠯᠢᠴᠢᠨ ᠪᠦᠰᠡᠭᠦᠶᠢᠴᠤᠳ ︽ᠡᠬᠡ ᠶᠢ ᠢᠨᠦ ᠡᠴᠡᠬᠡᠭᠦ ᠦᠬᠡᠢ᠂ ᠲᠤᠭᠤᠯ ᠢ ᠠᠨᠤ ᠲᠤᠷᠭᠠᠬᠤ ᠦᠬᠡᠢ︾ ᠵᠠᠷᠴᠢᠮ | ᠢ ᠪᠠᠷᠢᠮᠳᠠᠯᠠᠳᠠᠭ ᠪᠦᠯᠦᠬᠡ᠃ ᠡᠭᠦᠨ᠎ᠡ᠂ ᠲᠠᠷᠭᠤ ᠰᠠᠶᠢᠳᠠᠢ ᠦᠨᠢᠶ᠎ᠡ12 —15 ᠰᠠᠷ᠎ᠠ ᠰᠠᠭᠠᠯᠭᠠᠳᠠᠭ ᠶᠠᠪᠤᠳᠠᠯ ᠴᠦ | ᠪᠤᠢ᠃ ᠰᠠᠭᠠᠯᠢ ᠶᠢᠨ ᠬᠤᠭᠤᠴᠠᠭᠠᠨ᠎ᠠ ᠦᠨᠢᠶ᠎ᠡ ᠶᠢ ᠦᠷᠯᠦᠬᠡ ᠡᠷᠳᠠ ᠶᠢᠨ ᠭᠤᠷᠪᠠ ᠲᠦᠷᠪᠡᠨ ᠴᠠᠭ ᠠᠴᠠ ᠡᠬᠢᠯᠡᠨ | ᠰᠠᠭᠠᠵᠦ ᠲᠠᠪᠤᠨ ᠴᠠᠭ ᠪᠤᠯᠳᠠᠯ᠎ᠠ ᠰᠠᠭᠠᠵᠦ ᠪᠠᠷᠠᠭᠠᠳᠠᠭ ᠪᠦᠯᠦᠬᠡ᠃ ᠦᠳᠡᠰᠢ ᠪᠤᠯᠪᠠᠰᠦ ᠨᠠᠷᠠᠨ ᠰᠢᠩᠬᠡᠭᠦ ᠲᠠᠢ ᠵᠡᠷᠬᠡ | ᠰᠠᠭᠠᠬᠤ ᠮᠠᠳᠦ ᠪᠠᠷ ᠡᠳᠦᠷ ᠤᠨ ᠬᠤᠶᠠᠷ ᠴᠠᠭ ᠢᠶᠠᠷ ᠰᠠᠭᠠᠳᠠᠭ ᠠᠮᠤᠢ᠃ ᠮᠠᠨ ᠤ ᠤᠷᠤᠨ ᠤ ᠪᠡᠶ᠎ᠡ ᠪᠢᠯᠳᠠᠷ ᠰᠠᠶᠢᠳᠠᠢ | ᠲᠠᠷᠭᠤᠨ ᠦᠨᠢᠶᠡᠨ ᠠᠴᠠ ᠡᠳᠦᠷ ᠲᠤᠷ 20 — 25 ᠵᠢᠩ ᠰᠦᠨ ᠭᠠᠷᠳᠠᠭ ᠪᠤᠯᠠᠢ᠃ ᠡᠭᠦᠨ᠎ᠡ᠂ ᠪᠠᠷᠭᠤ ᠶᠢᠨ | ᠭᠤᠷᠪᠠᠨ ᠭᠤᠤᠯ ᠤᠨ ᠰᠢᠨ᠎ᠡ ᠡᠭᠦᠯᠳᠡᠷ ᠤᠨ ᠦᠨᠢᠶ᠎ᠡ᠂ ᠰᠢᠷ᠎ᠠ ᠮᠦᠷᠡᠨ ᠤ ᠤᠯᠠᠭᠠᠨ ᠦᠬᠡᠷ ᠤᠨ ᠰᠦᠨ ᠤ | ᠭᠠᠷᠤᠯᠳᠠ ᠠᠨᠤ ᠶᠡᠭᠡ ᠪᠦᠬᠡᠳ ᠰᠢᠮ᠎ᠡ ᠲᠡᠵᠢᠬᠡᠯ ᠢᠶᠠᠷ ᠴᠦ ᠰᠠᠶᠢᠨ ᠠᠵᠠᠢ᠃ | |