ᠭᠦᠷᠢᠶ᠎ᠡ ᠵᠡᠬᠡᠯᠢ ᠠᠴᠠ ᠬᠤᠶᠢᠰᠢ ᠭᠤᠴᠢᠨ ᠭᠠᠵᠠᠷ ᠤᠨ ᠵᠠᠶᠢᠳᠠᠢ ᠶᠠᠩᠰᠢᠪ ᠭᠤᠤᠯ ᠢ ᠬᠤᠷᠮᠤᠶᠢᠯᠠᠭᠰᠠᠨ ︽ | ᠨᠠᠢᠮᠠᠨ ᠵᠠᠭᠤᠨ ᠭᠠᠵᠠᠷ ᠤᠨ ᠲᠠᠮᠤ ᠶᠢᠨ ᠴᠠᠭᠠᠨ︾ ᠬᠡᠳᠡᠭ ᠡᠯᠡᠰᠦ ᠶᠢᠨ ᠶᠡᠬᠡᠩᠬᠢ ᠬᠡᠰᠡᠭ ᠨᠢ ᠭᠦᠷᠢᠶ᠎ᠡ ᠬᠤᠰᠢᠭᠤᠨ | ᠳᠤ ᠪᠠᠶᠢᠵᠦ ᠪᠠᠷᠠᠭᠤᠨᠰᠢ ᠨᠠᠢᠮᠠᠨ ᠬᠤᠰᠢᠭᠤ᠂ ᠵᠡᠭᠦᠨᠰᠢ ᠬᠤᠷᠴᠢᠨ ᠵᠡᠭᠦᠨ ᠭᠠᠷᠤᠨ ᠬᠤᠶᠢᠳᠦ ᠬᠤᠰᠢᠭᠤᠨ ᠳᠤ | ᠰᠢᠭᠤᠳ ᠨᠦᠷᠢᠨ ᠤᠷᠤᠵᠦ ᠪᠠᠶᠢᠳᠠᠭ᠃ ᠡᠨᠡ ᠲᠤᠬᠠᠢ ᠡᠶᠢᠮᠦ ᠨᠢᠬᠡᠨ ᠲᠤᠮᠤᠭ ᠪᠤᠢ᠄ ᠡᠷᠳᠠ ᠴᠠᠭ ᠲᠤ᠂ ᠲᠠᠩ | ᠲᠠᠶᠢᠽᠦ᠋ᠩ ᠬᠠᠭᠠᠨ ᠤᠮᠠᠷᠠᠳᠦ ᠯᠢᠶᠦᠦ ᠶᠢ ᠲᠦᠪᠰᠢᠳᠬᠡᠭᠦ ᠪᠠᠷ ᠲᠠᠶᠢᠯᠠᠯᠳᠤᠨ ᠶᠠᠪᠤᠬᠤ ᠵᠠᠭᠤᠷ᠎ᠠ᠂ ᠭᠦᠪᠡᠭᠡ ᠬᠢᠵᠠᠭᠠᠷ | ᠨᠢ ᠬᠠᠷᠠᠭᠳᠠᠬᠤ ᠦᠬᠡᠢ ᠬᠦᠯ ᠦᠬᠡᠢ ᠭᠦᠨ ᠲᠠᠯᠠᠢ ᠳᠤ ᠲᠤᠯᠵᠦ᠂ ᠡᠪᠤᠯ ᠤᠨ ᠰᠡᠭᠦᠯᠴᠢ ᠬᠠᠪᠤᠷ ᠤᠨ ᠡᠬᠢᠨ ᠤ | ᠦᠶ᠎ᠡ ᠲᠤᠯᠠ ᠬᠠᠶᠢᠯ ᠤᠨᠠᠵᠦ ᠬᠠᠭᠳᠠ ᠭᠦᠬᠡᠷᠡᠭᠦ ᠶᠢ ᠭᠦᠯᠢᠶᠡᠭᠦ ᠠᠴᠠ ᠦᠬᠡᠷ᠎ᠡ ᠠᠷᠭ᠎ᠠ ᠦᠬᠡᠢ ᠪᠤᠯᠪᠠ᠃ ᠲᠠᠷᠠ | ᠶᠠᠭᠠᠷᠠᠬᠤ ᠳᠠᠭᠠᠨ ᠤᠳᠠᠬᠤ ᠦᠬᠡᠢ ᠤᠳᠠᠬᠤ ᠦᠬᠡᠢ ᠴᠡᠷᠢᠭ ᠠᠷᠠᠳ ᠢ ᠲᠤᠮᠢᠯᠠᠨ᠄ ︽ᠬᠠᠶᠢᠯ ᠤᠨᠠᠪᠠ ᠤᠤ︖ | ᠬᠠᠭᠳᠠ ᠭᠦᠬᠡᠷᠡᠪᠡ ᠤᠤ︖ ᠦᠵᠡᠬᠡᠳ ᠢᠷ᠎ᠡ︾ ᠬᠡᠪᠡᠯ ᠵᠠᠷᠤᠭᠳᠠᠭᠰᠠᠳ ᠨᠢ ᠦᠨᠡᠨ ᠪᠠᠶᠢᠳᠠᠯ ᠢᠶᠠᠷ ᠨᠢ ︽ | ᠤᠨᠠᠭᠠᠳᠤᠢ᠂ ᠭᠦᠬᠡᠷᠡᠬᠡᠳᠦᠢ︾ ᠬᠡᠵᠦ ᠬᠡᠯᠡᠪᠡᠯ ᠲᠤᠤᠷ᠎ᠠ ᠨᠢ ᠴᠠᠪᠴᠢᠨ ᠠᠯᠠᠭᠰᠠᠭᠠᠷ ᠨᠢᠬᠡᠨᠳᠠ ᠲᠠᠪᠤᠨ ᠵᠠᠭᠤᠨ | ᠭᠦᠮᠦᠨ ᠤ ᠲᠤᠭᠠᠨ ᠳᠤ ᠭᠦᠷᠴᠠᠢ᠃ | ᠨᠢᠬᠡᠨ ᠡᠳᠦᠷ᠂ ᠵᠡᠭᠦᠨ ᠲᠠᠯᠠᠢ ᠳᠤ ᠠᠶᠢᠯᠴᠢᠯᠠᠬᠤ ᠪᠠᠷ ᠡᠭᠦᠯᠡᠨ ᠬᠢᠰᠬᠢᠯᠡᠨ ᠶᠠᠪᠤᠵᠦ ᠪᠠᠶᠢᠭᠰᠠᠨ ᠬᠤᠮᠰᠢᠮ | ᠪᠤᠳᠢᠰᠡᠳ᠋ᠸ᠎ᠠ ᠪᠤᠷᠬᠠᠨ᠂ ᠬᠢᠯᠢᠰ ᠢᠶᠠᠷ ᠴᠠᠪᠴᠢᠭᠳᠠᠭᠰᠠᠨ ᠰᠦᠨᠡᠰᠦ ᠨᠦᠭᠦᠳ ᠢ ᠦᠵᠡᠵᠦ ᠤᠴᠢᠷ ᠢ ᠮᠡᠳᠡᠬᠡᠳ᠂ | ᠪᠠᠭ᠎ᠠ ᠠᠴᠢᠮᠠᠭ ᠤᠨ ᠲᠡᠬᠡᠷ᠎ᠡ ᠠᠴᠠ ᠠᠭᠤᠯᠠᠨ ᠠᠭᠤᠢ ᠳᠤ ᠪᠢᠰᠢᠯᠭᠠᠯ ᠬᠢᠵᠦ ᠪᠠᠶᠢᠭᠰᠠᠨ ᠱᠠᠪᠢ ᠳᠠᠭᠠᠨ ᠠᠯᠠᠭᠠᠨ | ᠬᠢᠷᠢᠳᠠᠢ ᠰᠢᠷ᠎ᠠ ᠲᠤᠷᠭᠠᠨ ᠳᠤ ᠬᠡᠳᠦᠨ ᠦᠰᠦᠭ ᠪᠢᠴᠢᠨ᠂ ᠨᠢᠬᠡᠨ ᠴᠢᠮᠬᠢ ᠰᠢᠷᠤᠢ ᠪᠠᠭᠯᠠᠵᠦ ᠲᠤᠷᠤᠭᠰᠢ ᠤᠷᠬᠢᠵᠦ | ᠦᠭᠭᠦᠬᠡᠳ ᠶᠠᠪᠤᠵᠠᠢ᠃ ᠡᠨᠡ ᠱᠠᠪᠢ ᠨᠢ ᠪᠠᠳᠮᠠᠰᠠᠩᠪᠤ ᠬᠡᠳᠡᠭ ᠨᠠᠷᠠ ᠲᠠᠢ ᠬᠤᠪᠢᠯᠭᠠᠨ ᠯᠠᠮᠠ ᠬᠡᠨ᠎ᠡ᠃ ᠲᠠᠷᠠ | ᠬᠠᠭᠠᠨ ᠤ ᠵᠠᠷᠤᠳᠠᠰᠦ ᠳᠤ ︽ᠬᠠᠭᠳᠠ ᠭᠦᠬᠡᠷᠡᠪᠡ ᠬᠡᠵᠦ ᠮᠠᠳᠠᠭᠦᠯ︕ ᠪᠠᠰᠠ ᠲᠠᠯᠠᠢ ᠲᠤᠭᠤᠯᠬᠤ ᠳᠠᠭᠠᠨ | ᠪᠦᠭᠦᠳᠡᠬᠡᠷ ᠨᠢᠳᠦ ᠪᠠᠨ ᠠᠨᠢ ᠬᠡᠵᠦ ᠭᠤᠶᠢᠷᠡᠨᠴᠢ ᠡᠮᠡᠬᠡᠨ ᠵᠢᠭᠠᠵᠦ ᠦᠭᠭᠦᠯ᠎ᠠ ᠬᠡᠵᠦ ᠬᠡᠯᠡᠭᠳᠦᠨ︾ ᠬᠡᠤᠨ ᠦᠵᠡᠭᠳᠡᠭᠦ | ᠦᠬᠡᠢ ᠪᠤᠯᠵᠠᠢ᠃ ᠬᠠᠭᠠᠨ ᠵᠠᠷᠤᠳᠠᠰᠦ ᠶᠢᠨ ᠦᠬᠡ ᠶᠢ ᠰᠤᠨᠤᠰᠴᠦ ᠲᠡᠭᠦᠨ ᠤ ᠠᠮᠢ ᠶᠢ ᠬᠡᠯᠳᠦᠷᠢᠭᠦᠯᠦᠭᠰᠡᠨ | ᠮᠦᠷᠳᠡᠬᠡᠨ ᠶᠠᠮᠠᠷ ᠨᠢᠬᠡᠨ ᠪᠤᠭᠳᠠ ᠰᠠᠬᠢᠭᠤᠯᠰᠤᠨ ᠵᠠᠮ ᠤᠳᠤᠷᠢᠳᠤᠯᠠ ᠬᠡᠵᠦ ᠪᠤᠳᠤᠭᠠᠳ ᠲᠠᠯᠠᠢ ᠶᠢ ᠬᠠᠷᠠᠵᠦ | ᠦᠵᠡᠪᠡᠯ ᠨᠠᠯᠤᠢ ᠬᠠᠯᠤᠢ ᠶᠡᠭᠡ ᠡᠯᠡᠰᠦ ᠪᠤᠯᠴᠢᠬᠠᠭᠰᠠᠨ ᠲᠤᠯᠠ ᠲᠡᠭᠷᠢ ᠳᠤ ᠵᠠᠯᠪᠡᠷᠢᠨ ᠮᠦᠷᠭᠦᠵᠦ᠂ ᠪᠦᠭᠦ ᠴᠡᠷᠢᠭ | ᠢᠶᠠᠨ ᠲᠠᠶᠢᠴᠢᠯᠠᠨ ᠡᠯᠡᠰᠦ ᠶᠢ ᠲᠤᠭᠤᠯᠬᠤ ᠪᠠᠷ ︽ᠴᠦᠮ ᠨᠢᠳᠦ ᠪᠠᠨ ᠠᠨᠢ︾ ᠬᠡᠵᠦ ᠵᠠᠷᠯᠢᠭᠳᠡᠪᠡ᠃ ᠢᠩᠬᠢᠬᠡᠳ | ᠨᠢᠳᠦ ᠢᠷᠮᠡᠭᠦ ᠶᠢᠨ ᠵᠠᠭᠤᠷ᠎ᠠ ᠡᠯᠡᠰᠦᠨ ᠲᠠᠯᠠᠢ ᠶᠢ ᠲᠤᠭᠤᠯᠵᠦ ᠭᠠᠷᠤᠭᠠᠳ ᠴᠡᠷᠢᠭ ᠢᠶᠠᠨ ᠪᠦᠷᠢᠳᠬᠡᠪᠡᠯ ᠬᠠᠶᠢᠭᠤᠯ | ᠵᠠᠩᠵᠤᠨ ᠸᠠᠩ ᠵᠢᠶᠦ᠋ᠨ ᠾᠸᠦ ᠶᠢᠨ ᠲᠠᠪᠤᠨ ᠵᠠᠭᠤᠨ ᠴᠡᠷᠢᠭ᠂ ᠠᠮᠤ ᠭᠦᠨᠡᠰᠦ᠂ ᠠᠯᠢᠪᠠ ᠡᠳ᠋ ᠬᠡᠷᠡᠭᠯᠡᠭᠦᠨ ᠲᠠᠢ ᠪᠠᠨ | ᠠᠯᠠᠭ᠎ᠠ ᠪᠤᠯᠤᠭᠰᠠᠨ ᠳᠤ ᠬᠡᠳᠦᠨᠳᠠ ᠭᠦᠮᠦᠨ ᠲᠤᠮᠢᠯᠠᠨ ᠡᠷᠢᠭᠰᠡᠨ ᠴᠦ ᠤᠯᠤᠭᠰᠠᠨ ᠦᠬᠡᠢ᠃ | ᠤᠤᠯ ᠨᠢ᠂ ᠲᠠᠷᠡ ᠬᠤᠪᠢᠯᠭᠠᠨ ᠯᠠᠮᠠ᠂ ᠪᠠᠭᠰᠢ ᠶᠢᠨ ᠢᠶᠠᠨ ᠦᠭᠭᠦᠭᠰᠡᠨ ᠰᠢᠷ᠎ᠠ ᠲᠤᠷᠭ᠎ᠠ ᠪᠠ ᠴᠢᠮᠬᠢ ᠰᠢᠷᠤᠢ | ᠶᠢ ᠭᠦᠨ ᠲᠠᠯᠠᠢ ᠳᠤ ᠰᠠᠴᠤᠵᠦ ᠡᠶᠢᠮᠦᠷᠭᠦᠦ ︽ᠡᠯᠡᠰᠦᠨ ᠲᠠᠯᠠᠢ︾ ᠪᠤᠯᠭᠠᠭᠰᠠᠨ ᠪᠦᠬᠡᠳ ᠨᠢᠳᠦ ᠠᠨᠢᠭᠰᠠᠨ ᠴᠡᠷᠢᠭ | ᠪᠦᠭᠦᠨ ᠢ ᠤᠪᠠᠳᠢᠰ ᠢᠶᠠᠷ ᠡᠯᠡᠰᠦ ᠲᠤᠭᠤᠯᠤᠭᠤᠯᠤᠭᠰᠠᠨ ᠪᠤᠯᠪᠠᠴᠦ ᠴᠡᠷᠢᠭ ᠤᠨ ᠰᠡᠭᠦᠯ ᠳᠤ ᠶᠠᠪᠤᠵᠦ ᠪᠠᠶᠢᠳᠠᠭ ᠠᠮᠤ | ᠭᠦᠨᠡᠰᠦᠨ ᠤ ᠬᠠᠶᠢᠭᠤᠯ ᠤᠳ ︽ᠨᠢᠳᠦ ᠪᠠᠨ ᠠᠨᠢ︾ ᠬᠡᠭᠦ ᠵᠠᠷᠯᠢᠭ ᠢ ᠤᠯᠵᠦ ᠰᠤᠨᠤᠰᠤᠭᠰᠠᠨ ᠦᠬᠡᠢ ᠲᠤᠯᠠ ᠲᠡᠷᠡ | ᠭᠦ ᠡᠯᠡᠰᠦᠨ ᠲᠠᠯᠠᠢ ᠳᠤ ᠵᠢᠪᠦᠭᠰᠡᠨ ᠪᠠᠶᠢᠵᠠᠢ᠃ ᠲᠠᠩ ᠲᠠᠶᠢᠽᠦ᠋ᠩ ᠬᠠᠭᠠᠨ ᠲᠡᠳᠡᠬᠡᠷ ᠴᠡᠷᠢᠭ ᠤᠨ ᠪᠠᠷ᠎ᠠ ᠰᠤᠷᠠᠭ | ᠦᠬᠡᠢ ᠪᠤᠯᠤᠭᠰᠠᠨ ᠴᠢᠮᠡᠭᠡ ᠶᠢ ᠰᠤᠨᠤᠰᠤᠭᠠᠳ ᠪᠠᠴᠢᠮᠳᠠᠨ ᠭᠠᠰᠢᠭᠤᠳᠠᠵᠦ ︽ᠪᠠᠷᠠᠯ᠎ᠠ ᠴᠠᠭᠠᠨ ᠲᠠᠮᠤ ᠳᠤ | ᠤᠨᠠᠴᠢᠬᠠᠯ᠎ᠠ ᠰᠢᠦ︾ ᠬᠡᠵᠦ ᠤᠬᠢᠯᠠᠭᠰᠠᠨ ᠢᠶᠠᠷ ᠲᠡᠷᠡ ᠡᠯᠡᠰᠦ ᠶᠢ ︽ᠲᠠᠮᠤ ᠶᠢᠨ ᠴᠠᠭᠠᠨ︾ ᠬᠡᠭᠦ ᠪᠤᠯᠵᠠᠢ᠃ ᠲᠠᠩ | ᠲᠠᠶᠢᠽᠦ᠋ᠩ ᠬᠠᠭᠠᠨ ᠲᠡᠳᠡᠬᠡᠷ ᠴᠡᠷᠢᠭ ᠤᠨ ᠭᠠᠪᠢᠶ᠎ᠠ ᠵᠢᠳᠭᠦᠯ ᠢ ᠦᠨᠡᠯᠡᠵᠦ ᠸᠠᠩ ᠵᠢᠶᠦ᠋ᠨ ᠾᠸᠦ ᠶᠢ ︽ᠭᠦᠴᠦᠨ | ᠶᠡᠭᠡ ᠲᠠᠢ ᠭᠦᠷᠡᠯᠪᠠᠭᠠᠳᠤᠷ ᠤᠩᠭᠤᠳ ᠤᠨ ᠰᠠᠬᠢᠭᠤᠯᠰᠤᠨ︾᠂ ᠲᠠᠪᠤᠨ ᠵᠠᠭᠤᠨ ᠴᠡᠷᠢᠭ ᠢ ᠨᠢ ︽ᠲᠠᠮᠤ ᠳᠤ ᠤᠨᠠᠰᠢ | ᠦᠬᠡᠢ ᠲᠠᠪᠤᠨ ᠵᠠᠭᠤᠨ ᠤᠩᠭᠤᠳ︾ ᠬᠡᠵᠦ ᠡᠷᠭᠦᠮᠵᠢᠯᠡᠭᠰᠡᠨᠡ ᠡᠵᠡᠨ ᠤ ᠠᠮᠠᠨ ᠠᠭᠤᠷ ᠤᠨ ᠭᠦᠴᠦᠨ ᠳᠤ ᠲᠡᠳᠡᠬᠡᠷ | ᠴᠡᠷᠢᠭ ᠤᠳ ᠲᠠᠮᠤ ᠶᠢᠨ ᠴᠠᠭᠠᠨ ᠤ ᠢᠷᠦᠭᠠᠷ ᠠᠴᠠ ᠭᠠᠷᠴᠦ ᠢᠷᠡᠬᠡᠳ ᠲᠤᠭᠰᠢᠷᠠᠨ ᠠᠭᠠᠰᠢᠯᠠᠵᠦ ᠲᠦᠮᠡᠨ ᠠᠷᠠᠳ ᠢ | ᠲᠦᠢᠪᠡᠬᠡᠵᠦ ᠡᠬᠢᠯᠡᠪᠡ᠃ ᠡᠭᠦᠨ ᠳᠤ᠂ ᠪᠠᠳᠮᠠᠰᠠᠩᠪᠤ ᠬᠤᠪᠢᠯᠭᠠᠨ ᠪᠠᠭᠰᠢ ᠶᠢᠨ ᠢᠶᠠᠨ ᠵᠢᠭᠠᠭᠰᠠᠨ ᠨᠤᠮᠤᠬᠠᠳᠬᠠᠯ ᠤᠨ | ᠲᠠᠷᠨᠢ ᠶᠢ ᠤᠩᠰᠢᠵᠦ᠂ ᠭᠦᠷᠡᠯᠪᠠᠭᠠᠳᠤᠷ ᠲᠦᠷᠦᠭᠦᠳᠡᠢ ᠲᠠᠪᠤᠨ ᠵᠠᠭᠤᠨ ᠤᠩᠭᠤᠤᠨ ᠪᠤᠯᠤᠨ ᠬᠢᠯᠢᠰ ᠢᠶᠠᠷ | ᠴᠠᠪᠴᠢᠭᠳᠠᠭᠰᠠᠨ ᠲᠠᠪᠤᠨ ᠵᠠᠭᠤᠨ ᠴᠡᠷᠢᠭ ᠠᠷᠠᠳ ᠢ ︽ᠰᠠᠶᠢᠨ ᠴᠠᠭ ᠤᠨ ᠮᠢᠩᠭᠠᠨ ᠪᠤᠷᠬᠠᠨ᠂ ᠰᠢᠷ᠎ᠠ ᠲᠦᠮᠡᠨ ᠢ | ᠲᠤᠰᠠᠯᠠ︾ ᠬᠡᠵᠦ ᠪᠦᠭᠦ ᠰᠦᠨᠡᠰᠦ ᠶᠢ ᠨᠢᠬᠡ ᠯᠡ ᠪᠠᠭᠪᠤᠷ ᠠᠶᠠᠭᠠᠨ ᠳᠤ ᠬᠢᠵᠦ ᠱᠠᠭᠵᠠᠮᠤᠨᠢ ᠶᠢᠨ ᠤᠷᠤᠨ ᠵᠦᠭ | ᠰᠢᠳᠠᠨ ᠶᠠᠪᠤᠭᠤᠯᠵᠦ ᠰᠠᠨᠸᠠᠷ ᠠᠪᠤᠭᠤᠯᠪᠠ ᠬᠡᠨ᠎ᠡ᠃ ᠲᠡᠭᠦᠨ ᠠᠴᠠ ᠬᠤᠶᠢᠰᠢ ᠰᠦᠮ᠎ᠡ ᠪᠤᠯᠭᠠᠨ ᠳᠤ ︽ᠰᠠᠶᠢᠨ ᠴᠠᠭ | ᠤᠨ ᠮᠢᠩᠭᠠᠨ ᠪᠤᠷᠬᠠᠨ︾ ᠢ ᠰᠢᠳᠦᠨ ᠲᠠᠬᠢᠬᠤ ᠪᠤᠯᠤᠯ᠎ᠠ ᠬᠡᠯᠴᠡᠳᠡᠭ᠃ | |