ᠠᠴᠢᠮᠠᠭ ᠠᠭᠤᠯᠠ ᠶᠢᠨ ᠨᠠᠷ᠎ᠠ ᠶᠢᠨ ᠢᠷᠡᠯᠳᠠ
ᠨᠡᠶᠢᠲᠡᠯᠡᠭᠰᠡᠨ ᠴᠠᠭ᠄
2023/9/19
   ᠭᠦᠷᠢᠶ᠎ᠡ ᠨᠤᠳᠤᠭ ᠲᠤ ᠶᠡᠭᠡ ᠠᠴᠢᠮᠠᠭ ᠠᠭᠤᠯᠠ᠂ ᠪᠠᠭ᠎ᠠ ᠠᠴᠢᠮᠠᠭ ᠠᠭᠤᠯᠠ ᠬᠡᠵᠦ ᠬᠤᠶᠠᠷ ᠪᠠᠶᠢᠳᠠᠭ᠃ ᠡᠷᠳᠠ ᠴᠠᠭ ᠲᠤ ᠲᠡᠭᠷᠢ ᠲᠡᠬᠡᠷ᠎ᠡ ᠠᠴᠠ ᠠᠬ᠎ᠠ ᠲᠡᠭᠦᠦ ᠬᠤᠶᠠᠷ ᠭᠦᠦ ᠶᠢ ᠡᠨᠡ ᠲᠤᠮᠳᠠ ᠤᠷᠴᠢᠯᠠᠩ ᠳᠤ ᠪᠠᠭᠤᠯᠭᠠᠵᠦ ᠰᠠᠨᠠᠭ᠎ᠠ ᠰᠡᠳᠬᠢᠯ ᠨᠢ ᠰᠢᠯᠤᠭᠤᠨ ᠰᠠᠶᠢᠬᠠᠨ ᠪᠤᠯᠪᠠᠴᠦ ᠦᠷ᠎ᠡ ᠬᠡᠤᠬᠡᠳ ᠦᠬᠡᠢ ᠭᠠᠭᠴᠠ ᠪᠡᠶ᠎ᠡ ᠶᠠᠳᠠᠭᠤ ᠡᠬᠡᠨᠡᠷ ᠲᠤ ᠦᠷ᠎ᠡ ᠪᠤᠯᠭᠠᠨ ᠵᠠᠶᠠᠭᠠᠯᠭᠠᠵᠦ᠂ ᠠᠴᠢᠯᠠᠯ ᠵᠢᠷᠤᠮ  ᠭᠦᠢᠴᠡᠳᠬᠡ ᠬᠡᠵᠦ ᠢᠯᠡᠬᠡᠭᠰᠡᠨ ᠬᠡᠨ᠎ᠡ᠃ ᠡᠬᠡᠨᠡᠷ ᠬᠤᠶᠠᠷ ᠭᠦᠦ  ᠪᠠᠨ ᠲᠦᠷᠦᠭᠰᠡᠨ ᠠᠴᠠ ᠰᠡᠭᠦᠯᠡᠷ ᠶᠠᠭᠤᠨ ᠳᠤ ᠴᠦ ᠭᠠᠴᠢᠭᠳᠠᠵᠦ ᠪᠤᠭᠤᠭᠳᠠᠬᠤ ᠦᠬᠡᠢ᠂ ᠭᠤᠶᠤᠵᠦ ᠭᠤᠩᠰᠢᠬᠤ ᠦᠬᠡᠢ᠂ ᠶᠠᠭᠤ ᠶᠢ ᠴᠦ ᠰᠡᠳᠬᠢᠯ ᠵᠤᠪᠠᠭ᠋ᠤ ᠦᠬᠡᠢ᠂ ᠪᠡᠶ᠎ᠡ ᠡᠪᠡᠷᠰᠢᠶᠡᠭᠦ ᠦᠬᠡᠢ ᠪᠠᠷ ᠤᠯᠳᠠᠭ ᠪᠤᠯᠵᠦ᠂ ᠲᠤᠩ ᠴᠦ ᠪᠠᠶᠠᠷ ᠵᠢᠷᠭᠠᠯ ᠲᠠᠢ ᠠᠮᠢᠳᠤᠷᠠᠬᠤ ᠪᠤᠯᠤᠭᠰᠠᠨ ᠬᠡᠨ᠎ᠡ᠃ ᠡᠷᠳᠡᠨ ᠤ ᠦᠬᠡᠨ ᠳᠤ ᠬᠡᠤᠬᠡᠳ ᠲᠦᠷᠦᠭᠦ ᠳᠡᠭᠡᠨ ᠲᠡᠭᠷᠢ  ᠠᠴᠠ ᠭᠤᠷᠪᠠᠨ ᠱᠧᠩ ᠭᠦᠨᠡᠰᠦ ᠲᠠᠢ ᠪᠠᠨ ᠢᠷᠡᠳᠡᠭ ᠬᠡᠳᠡᠭ ᠨᠢ ᠡᠨᠡ ᠪᠢᠯᠡ ᠤᠤ︖ ᠡᠨᠡ ᠡᠬᠡᠨᠡᠷ᠂ ︽ᠨᠡᠳᠠ ᠳᠤ ᠦᠨᠡᠬᠡᠷ ᠠᠴᠢᠯᠠᠯ ᠲᠠᠢ ᠬᠡᠤᠬᠡᠳ ᠢᠷᠡᠵᠦ ᠲᠦᠷᠦᠨ᠎ᠡ︾ ᠬᠡᠵᠦ ᠪᠠᠶᠠᠷᠯᠠᠬᠤ ᠶᠢᠨ ᠶᠡᠭᠡ ᠪᠠᠷ ᠪᠠᠶᠠᠷᠯᠠᠵᠦ᠂ ᠰᠠᠨᠠᠬᠤ  ᠶᠢᠨ ᠶᠡᠭᠡ ᠪᠠᠷ ᠰᠠᠨᠠᠵᠦ᠂ ᠬᠤᠶᠠᠷ ᠭᠦᠦ ᠳᠡᠭᠡᠨ ᠶᠡᠭᠡ ᠠᠴᠢᠯᠠᠯ᠂ ᠪᠠᠭ᠎ᠠ ᠠᠴᠢᠯᠠᠯ ᠬᠡᠵᠦ ᠨᠠᠷ᠎ᠠ ᠬᠠᠶᠢᠷᠠᠯᠠᠵᠠᠢ᠃     ︽ᠭᠠᠢ ᠭᠠᠵᠠᠷ ᠲᠤᠤᠷ᠎ᠠ ᠠᠴᠠ᠂ ᠭᠠᠭ᠋ᠠᠢ ᠮᠤᠳᠤᠨ ᠲᠤᠳᠤᠷ᠎ᠠ ᠠᠴᠠ︾ ᠬᠡᠳᠡᠭᠴᠢᠯᠡᠨ ᠰᠠᠶᠢᠬᠠᠨ ᠴᠠᠭ ᠤᠳᠠᠭᠠᠨ ᠦᠷᠭᠦᠯᠵᠢᠯᠡᠵᠦ ᠴᠢᠳᠠᠭᠰᠠᠨ ᠦᠬᠡᠢ᠂ ᠬᠡᠤᠬᠡᠳ ᠢᠶᠠᠨ ᠲᠦᠭᠦᠬᠡ ᠴᠢᠳᠠᠯ ᠤᠷᠤᠵᠦ ᠠᠮᠵᠢᠭ᠎ᠠ ᠦᠬᠡᠢ ᠪᠠᠷ ᠡᠬᠡ ᠨᠢ ᠭᠦᠨᠳᠦ ᠡᠪᠡᠳᠴᠢᠯᠡᠵᠦ ᠤᠳᠠᠭᠠᠨ ᠠᠮᠢᠳᠤᠷᠠᠵᠦ ᠲᠡᠶᠢᠯᠭᠦ ᠦᠬᠡᠢ ᠪᠤᠯᠵᠠᠢ᠃ ᠲᠡᠬᠡᠬᠡᠳ ᠡᠬᠡ ᠨᠢ᠄ ︽ᠠᠴᠢᠯᠠᠯ ᠶᠡᠭᠡ ᠲᠠᠢ ᠬᠤᠶᠠᠷ ᠭᠦᠦ ᠮᠢᠨᠢ᠂ ᠡᠨᠡ ᠨᠤᠳᠤᠭ ᠤᠰᠤᠨ ᠤ ᠠᠯᠳᠠᠨ ᠰᠢᠷᠤᠢ ᠲᠠᠨ ᠳᠤ ᠠᠮᠢ ᠨᠠᠰᠦ ᠤᠯᠭᠤᠵᠦ ᠦᠭᠭᠦᠭᠰᠡᠨ᠃ ᠬᠤᠶᠢᠰᠢᠳᠠ ᠡᠨᠡ ᠨᠤᠳᠤᠭ ᠤᠰᠤᠨ ᠤ ᠨᠠᠪᠳᠠᠭ ᠰᠠᠪᠳᠠᠭ ᠲᠠ ᠬᠤᠶᠠᠷ ᠢ ᠦᠷᠦᠰᠢᠶᠡᠭᠦ ᠶᠤᠮ ᠡ᠂ ᠨᠠᠳᠠ ᠳᠤ ᠭᠦᠢᠴᠡᠳᠬᠡᠵᠦ ᠪᠠᠷᠠᠭᠰᠠᠨ ᠦᠬᠡᠢ ᠠᠴᠢᠯᠠᠯ ᠵᠢᠷᠤᠮ ᠢᠶᠠᠨ ᠡᠨᠡ ᠭᠠᠵᠠᠷ ᠲᠠᠭᠠᠨ ᠦᠭᠭᠦᠬᠡᠷᠡᠢ︾ ᠬᠡᠵᠦ ᠬᠡᠯᠡᠬᠡᠳ ᠬᠤᠶᠠᠷ ᠪᠢᠴᠢᠬᠠᠨ ᠬᠡᠤᠬᠡᠳ ᠢᠶᠠᠨ ᠶᠡᠭᠡ ᠪᠠᠭ᠎ᠠ ᠬᠤᠶᠠᠷ ᠲᠤᠪᠤᠷᠴᠠᠭ ᠲᠡᠬᠡᠷ᠎ᠡ ᠲᠤᠰ ᠲᠤᠰ ᠠᠪᠠᠴᠢᠨ ᠲᠠᠯᠪᠢᠵᠦ᠂ ᠠᠬ᠎ᠠ ᠶᠢᠨ ᠬᠢᠨᠢ ᠲᠡᠷᠬᠡᠳᠡᠬᠢ ᠴᠢᠯᠠᠭᠤᠨ ᠲᠡᠬᠡᠷ᠎ᠡ ︽ᠶᠡᠭᠡ ᠠᠴᠢᠯᠠᠯ︾ ᠬᠡᠵᠦ᠂ ᠲᠡᠭᠦᠦ ᠶᠢᠨ ᠬᠢᠨᠢ ᠲᠡᠷᠬᠡᠳᠡᠬᠢ ᠴᠢᠯᠠᠭᠤᠨ ᠲᠡᠬᠡᠷ᠎ᠡ ︽ᠪᠠᠭ᠎ᠠ ᠠᠴᠢᠯᠠᠯ︾ ᠬᠡᠵᠦ ᠲᠤᠰ ᠪᠦᠷᠢ ᠨᠠᠷ᠎ᠠ ᠶᠢ ᠨᠢ ᠪᠢᠴᠢᠵᠦ ᠦᠭᠭᠦᠬᠡᠳ ᠦᠬᠡᠳᠠ ᠪᠤᠯᠤᠭᠰᠠᠨ ᠬᠡᠨ᠎ᠡ᠃     ᠬᠤᠵᠢᠮ ᠨᠢ᠂ ᠡᠨᠡ ᠬᠤᠶᠠᠷ ᠲᠤᠪᠤᠷᠴᠠᠭ ᠨᠢ ᠲᠦᠩᠭᠦᠶᠢᠨ ᠰᠦᠭᠯᠡᠶᠢᠵᠦ᠂ ᠡᠨᠡ ᠨᠤᠳᠤᠭ ᠤᠨ ᠨᠠᠪᠳᠠᠭ ᠰᠠᠪᠳᠠᠭ ᠲᠠᠢ ᠬᠤᠶᠠᠷ ᠠᠭᠤᠯᠠ ᠪᠤᠯᠵᠦ ᠤᠷᠭᠤᠭᠰᠠᠨ ᠬᠡᠨ᠎ᠡ᠃ ᠲᠠᠮᠢᠷ ᠲᠡᠩᠬᠡᠬᠡ ᠮᠠᠭᠤᠳᠠᠢ ᠡᠬᠡ ᠶᠢᠨ ᠭᠠᠷ ᠢᠶᠠᠷ ᠪᠢᠴᠢᠭᠰᠡᠨ ᠠᠴᠠ ᠲᠤᠳᠤᠷᠬᠠᠢ ᠪᠤᠰᠤ ᠤᠤ᠂ ᠤᠯᠠᠨ ᠵᠢᠯ ᠢ ᠡᠯᠡᠬᠡᠭᠰᠡᠨ ᠠᠴᠠ ᠪᠠᠯᠠᠷᠠᠴᠢᠬᠠᠭᠰᠠᠨ ᠶᠤᠮ ᠤᠤ᠂ ᠭᠦᠮᠦᠰ ᠠᠭᠤᠯᠠᠨ ᠲᠡᠬᠡᠷᠡᠬᠢ ᠡᠨᠡ ᠨᠠᠷ᠎ᠠ ᠶᠢ ᠤᠯᠵᠦ ᠤᠩᠰᠢᠬᠤ ᠦᠶ᠎ᠡ ᠳᠤ  ︽ᠠᠴᠢᠯᠠᠯ︾ ᠬᠡᠭᠦ ᠨᠠᠷ᠎ᠠ ᠨᠢ ᠪᠦᠷ ︽ᠠᠴᠢᠮᠠᠭ︾ ᠪᠤᠯᠵᠦ ᠬᠠᠷᠠᠭᠳᠠᠭᠰᠠᠨ ᠬᠡᠨ᠎ᠡ᠃ ᠡᠭᠦᠨ ᠠᠴᠠ  ᠡᠬᠢᠯᠡᠬᠡᠳ ᠡᠨᠡ ᠬᠤᠶᠠᠷ ᠠᠭᠤᠯᠠ ᠶᠢ ︽ᠶᠡᠭᠡ ᠠᠴᠢᠮᠠᠭ ᠠᠭᠤᠯᠠ︾᠂ ︽ᠪᠠᠭ᠎ᠠ ᠠᠴᠢᠮᠠᠭ ᠠᠭᠤᠯᠠ︾ ᠬᠡᠵᠦ ᠨᠡᠷᠡᠶᠢᠳᠦᠭᠰᠡᠨ ᠬᠡᠨ᠎ᠡ᠃
 
ᠢᠷᠡᠯᠲᠡ᠄ ︽ᠲᠠᠯ᠎ᠠ ᠨᠤᠳᠤᠭ ᠤᠨ ᠨᠡᠭᠦᠳᠡᠯ ᠮᠠᠯᠵᠢᠯ ᠤᠨ ᠰᠤᠶᠤᠯ ᠤᠨ ᠲᠡᠮᠳᠡᠭ︾ ᠴᠤᠪᠤᠷᠠᠯ ᠪᠢᠴᠢᠭ ᠤᠨ ᠭᠦᠷᠢᠶ᠎ᠡ ᠬᠤᠰᠢᠭᠤᠨ ᠤ ᠪᠤᠳᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号