ᠮᠣᠩᠭᠤᠯ ᠠᠨᠠᠭᠠᠬᠤ ᠤᠬᠠᠭᠠᠨ ᠤ ᠷᠢᠳᠢ ᠰᠢᠳᠢ ᠶᠢ ᠭᠠᠶᠢᠬᠠᠭᠤᠯᠤᠭᠰᠠᠨ ᠤᠯᠠᠮᠵᠢᠯᠠᠯᠲᠤ ᠵᠠᠰᠠᠯ
ᠨᠡᠶᠢᠲᠡᠯᠡᠭᠰᠡᠨ ᠴᠠᠭ᠄
2024/10/22
  ᠮᠣᠩᠭᠤᠯ ᠤᠯᠠᠮᠵᠢᠯᠠᠯᠲᠤ ᠵᠠᠰᠠᠯ ᠪᠣᠯ ᠮᠣᠩᠭᠤᠯ ᠠᠨᠠᠭᠠᠬᠤ ᠤᠬᠠᠭᠠᠨ ᠤ ᠣᠨᠴᠠᠯᠢᠭᠲᠤ ᠡᠷᠳᠡᠮ ᠰᠢᠨᠵᠢᠯᠡᠭᠡᠨ ᠤ ᠰᠠᠯᠠᠭ᠎ᠠ ᠪᠤᠯᠬᠤ ᠶᠤᠮ᠃ ᠲᠡᠭᠦᠨ ᠤ ᠦᠢᠯᠡᠳᠦᠯ ᠦᠵᠡᠭᠦᠯᠭᠦ ᠨᠢ ᠲᠦᠷᠭᠡᠨ ᠨᠠᠶᠢᠳᠠᠪᠤᠷᠢᠲᠠᠢ᠂ ᠥᠪᠡᠷ ᠤᠨ ᠦᠷᠳᠡᠭ ᠢᠶᠠᠷ ᠳᠣᠣᠷ᠎ᠠ᠂ ᠭᠠᠵᠢᠭᠤ ᠦᠢᠯᠡᠳᠦᠯ ᠦᠭᠡᠢ ᠣᠨᠴᠠᠯᠢᠭ ᠢᠶᠠᠷ ᠢᠶᠠᠨ ᠥᠷᠭᠡᠨ ᠤᠯᠠᠨ ᠡᠪᠡᠳᠴᠢᠲᠡᠨ ᠤ ᠬᠠᠯᠠᠭᠤᠨ ᠬᠦᠷᠢᠶᠡᠯᠡᠯ ᠢ ᠣᠯᠵᠤ᠂ ᠥᠷᠭᠡᠨ ᠢᠶᠠᠷ ᠳᠦᠭᠡᠮᠡᠯᠵᠢᠭᠦᠯᠦᠭᠳᠡᠨ ᠬᠥᠭᠵᠢᠵᠦ ᠢᠷᠡᠵᠡᠢ᠃ ᠮᠣᠩᠭᠤᠯ ᠤᠯᠠᠮᠵᠢᠯᠠᠯᠲᠤ ᠵᠠᠰᠠᠯ ᠢ ᠶᠡᠷᠦᠩᠬᠡᠢ ᠳᠤᠨᠢ ᠭᠠᠳᠠᠷ ᠵᠠᠰᠠᠯ᠂ ᠳᠣᠲᠣᠷ ᠵᠠᠰᠠᠯ ᠬᠤᠶᠠᠷ ᠵᠦᠢᠯ ᠳᠤ ᠬᠤᠷᠢᠶᠠᠩᠭᠤᠶᠢᠯᠠᠵᠤ ᠪᠣᠯᠣᠨ᠎ᠠ᠃ ᠮᠥᠨ ᠴᠢᠨᠠᠷ ᠤᠨ ᠲᠠᠯ᠎ᠠ ᠪᠠᠷ ᠰᠡᠷᠢᠭᠦᠨ ᠵᠠᠰᠠᠯ᠂ ᠬᠠᠯᠠᠭᠤᠨ ᠵᠠᠰᠠᠯ ᠬᠡᠮᠡᠨ ᠬᠤᠪᠢᠶᠠᠵᠤ᠂ ᠵᠠᠰᠠᠬᠤ ᠠᠷᠭ᠎ᠠ ᠶᠢᠨ ᠲᠠᠯ᠎ᠠ ᠠᠴᠠ ᠬᠠᠲᠠᠭᠤ ᠵᠠᠰᠠᠯ᠂ ᠵᠥᠭᠡᠯᠡᠨ ᠵᠠᠰᠠᠯ ᠬᠤᠶᠠᠷ ᠵᠦᠢᠯ ᠳᠤ ᠪᠠᠭᠲᠠᠭᠠᠵᠤ ᠪᠣᠯᠣᠨ᠎ᠠ᠃ ᠦᠢᠯᠡ ᠢᠵᠠᠭᠤᠷ ᠤᠨ ᠲᠠᠯ᠎ᠠ ᠪᠠᠷ ᠪᠠᠶᠢᠭᠠᠯᠢ ᠶᠢᠨ ᠵᠠᠰᠠᠯ᠂ ᠠᠮᠢᠳᠠᠨ ᠤ ᠵᠠᠰᠠᠯ᠂ ᠰᠢᠮ᠎ᠡ ᠶᠢᠨ ᠵᠠᠰᠠᠯ᠂ ᠭᠠᠷ ᠵᠠᠰᠠᠯ᠂ ᠦᠢᠯᠡᠳᠬᠦ ᠵᠠᠰᠠᠯ᠂ ᠶᠠᠪᠤᠳᠠᠯ ᠮᠥᠷ ᠤᠨ ᠵᠠᠰᠠᠯ᠂ ᠢᠳᠡᠭᠡᠨ ᠤᠮᠳᠠᠭᠠᠨ ᠤ ᠵᠠᠰᠠᠯ᠂ ᠰᠡᠳᠬᠢᠯ ᠤᠨ ᠵᠠᠰᠠᠯ᠂ ᠠᠷᠢᠯᠭᠠᠬᠤ ᠦᠢᠯᠡ᠂ ᠠᠮᠤᠷᠯᠢᠭᠤᠯᠬᠤ ᠡᠮ ᠳᠠᠩ ᠵᠡᠷᠭᠡ ᠠᠷᠪᠠᠨ ᠵᠦᠢᠯ ᠢᠶᠠᠷ ᠢᠯᠭᠠᠵᠤ ᠪᠣᠯᠣᠨ᠎ᠠ᠃ ᠳᠣᠣᠷ᠎ᠠ ᠪᠢᠳᠠ ᠮᠣᠩᠭᠤᠯ ᠠᠨᠠᠭᠠᠬᠤ ᠤᠬᠠᠭᠠᠨ ᠤ ᠬᠡᠳᠦᠨ ᠣᠨᠴᠠᠯᠢᠭᠲᠤ ᠤᠯᠠᠮᠵᠢᠯᠠᠯᠲᠤ ᠵᠠᠰᠠᠯ ᠠᠴᠠ ᠲᠠᠨᠢᠯᠴᠠᠭᠤᠯᠤᠶ᠎ᠠ︕   ᠶᠠᠰᠤ ᠪᠠᠷᠢᠬᠤ  ᠮᠣᠩᠭᠤᠯ ᠦᠨᠳᠦᠰᠦᠲᠡᠨ ᠥᠨᠢ ᠡᠷᠲᠡᠨ ᠠᠴᠠ ᠬᠦᠢᠲᠡᠨ ᠨᠣᠶᠢᠲᠠᠨ᠂ ᠮᠥᠰᠥ ᠴᠠᠰᠤ ᠶᠡᠬᠡᠲᠡᠢ ᠣᠷᠴᠢᠨ ᠳᠤ ᠠᠮᠢᠳᠤᠷᠠᠳᠠᠭ ᠮᠥᠷᠲᠡᠭᠡᠨ ᠠᠩᠨᠠᠯ᠂ ᠮᠠᠯᠵᠢᠯ᠂ ᠳᠠᠶᠢᠨ ᠪᠠᠶᠢᠯᠳᠤᠭᠠᠨ ᠳᠤ ᠶᠠᠪᠤᠬᠤ ᠳᠠᠭᠠᠨ ᠮᠣᠷᠢᠨ ᠠᠴᠠ ᠪᠠᠨ ᠣᠶᠢᠴᠢᠵᠤ ᠶᠠᠰᠤ ᠪᠡᠷᠲᠡᠬᠦ ᠶᠠᠪᠤᠳᠠᠯ ᠣᠯᠠᠨᠲᠠ ᠲᠣᠬᠢᠶᠠᠯᠳᠤᠳᠠᠭ ᠪᠣᠯᠬᠤᠷ ᠶᠠᠰᠤ ᠪᠠᠷᠢᠬᠤ ᠵᠠᠰᠠᠯ ᠠᠶᠠᠨᠳᠠᠭᠠᠨ ᠡᠭᠦᠰᠴᠦ ᠬᠥᠭᠵᠢᠭᠰᠡᠨ ᠠᠵᠢ᠃ ᠮᠣᠩᠭᠤᠯ ᠡᠮᠨᠡᠯᠭᠡ ᠶᠢᠨ ᠶᠠᠰᠤ ᠪᠠᠷᠢᠬᠤ ᠵᠠᠰᠠᠯ ᠪᠣᠯ ᠤᠯᠠᠮᠵᠢᠯᠠᠯᠲᠤ ᠮᠣᠩᠭᠤᠯ ᠡᠮᠨᠡᠯᠭᠡ ᠶᠢᠨ ᠴᠢᠬᠤᠯᠠ ᠪᠦᠬᠦᠢ ᠪᠦᠷᠢᠯᠳᠦᠭᠦᠨ ᠬᠡᠰᠡᠭ ᠪᠠᠶᠢᠵᠤ᠂ ᠲᠡᠭᠦᠨ ᠤ ᠥᠪᠡᠷᠮᠢᠴᠡ ᠵᠠᠰᠠᠯ ᠨᠢ ᠠᠯᠢ ᠤᠯᠠᠨ ᠤᠯᠤᠰ ᠤᠨ ᠳᠣᠲᠣᠭᠠᠳᠤ ᠭᠠᠳᠠᠭᠠᠳᠤ ᠶᠢᠨ ᠶᠠᠰᠤ ᠪᠡᠷᠲᠡᠭᠰᠡᠨ ᠡᠪᠡᠳᠴᠢᠲᠡᠨ ᠢ ᠵᠠᠰᠠᠨ ᠡᠳᠡᠭᠡᠷᠡᠭᠦᠯᠦᠭᠰᠡᠨ ᠪᠠᠶᠢᠨ᠎ᠠ᠃ ᠶᠠᠰᠤ ᠪᠠᠷᠢᠬᠤ ᠵᠠᠰᠠᠯ ᠨᠢ ᠭᠤᠷᠪᠠᠨ ᠣᠨᠣᠰᠢᠯᠠᠯ ︵ᠳᠡᠷᠡ ᠨᠢ ᠨᠢᠳᠦ ᠪᠠᠷ ᠦᠵᠡᠬᠦ᠂ ᠭᠠᠷ ᠢᠶᠠᠷ ᠲᠡᠮᠲᠡᠷᠢᠬᠦ᠂ ᠳᠣᠲᠣᠷ᠎ᠠ ᠪᠠᠨ ᠰᠡᠳᠬᠢᠬᠦ ᠪᠠᠷ ᠳᠠᠮᠵᠢᠭᠠᠳ ᠶᠠᠰᠤᠨ ᠤ ᠬᠤᠭᠤᠷᠠᠯ᠂ ᠦᠶ᠎ᠡ ᠶᠢᠨ ᠮᠤᠯᠲᠤᠷᠠᠯ᠂ ᠵᠥᠭᠡᠯᠡᠨ ᠨᠡᠬᠡᠳᠡᠰᠦᠨ ᠤ ᠭᠡᠮᠲᠦᠯ ᠵᠡᠷᠭᠡ ᠶᠢ ᠲᠣᠳᠣᠯᠠᠳᠠᠭ︶᠂ ᠵᠢᠷᠭᠤᠭᠠᠨ ᠵᠠᠷᠴᠢᠮ ︵ᠳᠡᠷᠡ ᠨᠢ ᠭᠠᠷ ᠤᠨ ᠤᠪᠠᠳᠢᠰ ᠢᠶᠠᠷ ᠲᠡᠭᠰᠢᠯᠡᠨ ᠣᠷᠣᠨᠰᠢᠭᠤᠯᠬᠤ᠂ ᠵᠢᠵᠢᠭ ᠬᠠᠪᠢᠰᠤ ᠪᠠᠷ ᠪᠠᠬᠢᠯᠡᠨ ᠲᠣᠭᠲᠠᠪᠤᠷᠢᠵᠢᠭᠤᠯᠬᠤ᠂ ᠠᠷᠢᠬᠢ ᠦᠯᠢᠶᠡᠵᠦ ᠢᠯᠢᠬᠦ᠂ ᠡᠮ ᠵᠠᠰᠠᠯ᠂ ᠢᠳᠡᠭᠡᠨ ᠤᠮᠳᠠᠭᠠᠨ ᠤ ᠨᠥᠬᠦᠪᠦᠷᠢ᠂ ᠠᠵᠢᠯᠯᠠᠭᠠᠨ ᠤ ᠪᠣᠯᠪᠠᠰᠤᠷᠠᠯ ᠬᠢᠯᠭᠡᠬᠦ ᠵᠡᠷᠭᠡ ᠶᠢ ᠵᠢᠭᠠᠨ᠎ᠠ︶᠂ ᠶᠢᠰᠦᠨ ᠤᠶᠠᠯᠳᠤᠯ ︵ᠳᠡᠷᠡ ᠨᠢ ᠤᠶᠤᠨ ᠪᠢᠯᠢᠭ ᠬᠢᠭᠡᠳ ᠳᠦᠷᠰᠦ ᠭᠡᠯᠪᠡᠷᠢ ᠤᠶᠠᠯᠳᠤᠬᠤ᠂ ᠳᠣᠲᠣᠭᠠᠳᠤ ᠰᠢᠯᠲᠠᠭᠠᠨ ᠬᠢᠭᠡᠳ ᠭᠠᠳᠠᠭᠠᠳᠤ ᠨᠥᠬᠦᠴᠡᠯ ᠤᠶᠠᠯᠳᠤᠬᠤ᠂ ᠬᠡᠢ  ᠠᠭᠤᠷ ᠬᠢᠭᠡᠳ  ᠳᠣᠲᠣᠭᠠᠳᠤ  ᠤᠷᠮᠠᠰᠢᠯ ᠤᠶᠠᠯᠳᠤᠬᠤ᠂ ᠪᠠᠬᠢᠯᠡᠬᠦ ᠬᠢᠭᠡᠳ ᠪᠣᠯᠪᠠᠰᠤᠷᠠᠯ ᠤᠶᠠᠯᠳᠤᠬᠤ᠂ ᠪᠠᠷᠢᠶᠠᠴᠢ ᠬᠢᠭᠡᠳ ᠡᠪᠡᠳᠴᠢᠲᠡᠨ ᠤᠶᠠᠯᠳᠤᠬᠤ᠂ ᠢᠳᠡᠪᠬᠢ ᠬᠢᠭᠡᠳ ᠢᠳᠡᠪᠬᠢ ᠪᠤᠰᠤ ᠤᠶᠠᠯᠳᠤᠬᠤ᠂ ᠭᠤᠷᠪᠠᠨ ᠣᠨᠣᠰᠢᠯᠠᠯ ᠬᠢᠭᠡᠳ X ᠰᠠᠴᠤᠷᠠᠭ ᠤᠨ ᠪᠠᠶᠢᠴᠠᠭᠠᠯᠲᠠ ᠤᠶᠠᠯᠳᠤᠬᠤ᠂ ᠬᠡᠰᠡᠭ ᠭᠡᠮᠲᠦᠯ ᠬᠢᠭᠡᠳ ᠪᠦᠭᠦ ᠴᠣᠭᠴᠠ ᠤᠶᠠᠯᠳᠤᠬᠤ᠂ ᠠᠷᠢᠬᠢ ᠦᠯᠢᠶᠡᠬᠦ ᠬᠢᠭᠡᠳ ᠭᠠᠷ ᠠᠪᠤᠯᠭ᠎ᠠ ᠤᠶᠠᠯᠳᠤᠬᠤ ᠵᠡᠷᠭᠡ ᠶᠢ ᠵᠢᠭᠠᠨ᠎ᠠ︶ ᠢ ᠪᠠᠷᠢᠮᠲᠠᠯᠠᠵᠤ᠂ ᠠᠮᠢᠳᠤ ᠪᠣᠳᠠᠰ ᠤᠨ ᠬᠦᠴᠦᠨ ᠤᠬᠠᠭᠠᠨ ᠤ ᠵᠠᠰᠠᠬᠤ ᠠᠷᠭ᠎ᠠ᠂ ᠴᠤᠭ ᠰᠦᠯᠳᠡ ᠶᠢᠨ ᠰᠡᠳᠬᠢᠴᠡ ᠵᠦᠢ ᠶᠢᠨ ᠵᠠᠰᠠᠬᠤ ᠠᠷᠭ᠎ᠠ᠂ ᠬᠡᠢ ᠪᠣᠯᠪᠠᠰᠤᠷᠠᠯ ᠤᠨ ᠡᠳᠡᠭᠡᠷᠡᠭᠦᠯᠬᠦ ᠨᠢᠭᠤᠴᠠ ᠠᠷᠭ᠎ᠠ ᠶᠢᠨ ᠤᠶᠠᠯᠳᠤᠯ ᠶᠤᠮ᠃ ᠭᠤᠷᠪᠠᠨ  ᠣᠨᠣᠰᠢᠯᠠᠯ ᠪᠣᠯ  ᠡᠪᠡᠳᠴᠢᠨ ᠢ  ᠲᠣᠳᠣᠯᠠᠬᠤ  ᠠᠷᠭ᠎ᠠ᠂  ᠵᠢᠷᠭᠤᠭᠠᠨ  ᠵᠠᠷᠴᠢᠮ  ᠪᠣᠯ  ᠡᠪᠡᠳᠴᠢᠨ ᠢ ᠵᠠᠰᠠᠬᠤ ᠡᠷᠳᠡᠮ᠂ ᠶᠢᠰᠦᠨ ᠤᠶᠠᠯᠳᠤᠯ ᠪᠣᠯ ᠡᠪᠡᠳᠴᠢᠨ ᠢ ᠡᠳᠡᠭᠡᠷᠡᠭᠦᠯᠬᠦ ᠤᠷᠠᠯᠢᠭ ᠶᠤᠮ᠃   2011 ᠣᠨ ᠳᠤ᠂ ᠳᠡᠷᠡ ᠨᠢ ᠭᠤᠷᠪᠠᠳᠤᠭᠠᠷ ᠪᠦᠯᠦᠭ ᠤᠨ ᠤᠯᠤᠰ ᠤᠨ ᠳᠡᠰ ᠤᠨ ᠪᠣᠳᠠᠰ ᠤᠨ ᠪᠤᠰᠤ ᠰᠣᠶᠣᠯ ᠤᠨ ᠥᠪ ᠤᠨ ᠲᠥᠯᠥᠭᠡᠯᠡᠬᠦ ᠴᠢᠨᠠᠷᠲᠠᠢ ᠳᠦᠷᠦᠯ ᠵᠦᠢᠯ ᠤᠨ ᠨᠡᠷᠡᠰ ᠤᠨ ᠵᠢᠭᠰᠠᠭᠠᠯᠲᠠ ᠳᠤ ᠣᠷᠣᠪᠠ᠃    ᠤᠯᠠ ᠶᠢᠨ ᠳᠦᠭᠡᠨ᠎ᠡ ᠵᠠᠰᠠᠯ   ᠤᠯᠠ ᠶᠢᠨ ᠳᠦᠭᠡᠨ᠎ᠡ ᠵᠠᠰᠠᠯ ᠪᠣᠯ ᠮᠣᠩᠭᠤᠯ ᠡᠮᠨᠡᠯᠭᠡ ᠶᠢᠨ ᠤᠯᠠᠮᠵᠢᠯᠠᠯᠲᠤ ᠵᠠᠰᠠᠯᠭ᠎ᠠ ᠶᠢᠨ ᠴᠢᠬᠤᠯᠠ ᠪᠦᠷᠢᠯᠳᠦᠭᠦᠨ ᠪᠣᠯᠣᠨ᠎ᠠ᠃ ᠤᠯᠠ ᠶᠢᠨ ᠳᠦᠭᠡᠨ᠎ᠡ ᠵᠠᠰᠠᠯ ᠨᠢ ᠭᠤᠣᠯᠳᠠᠭᠤ ᠥᠪᠥᠷ ᠮᠣᠩᠭᠤᠯ ᠤᠨ ᠤᠮᠠᠷᠠᠲᠤ ᠣᠷᠣᠨ ᠳᠤ ᠲᠠᠷᠬᠠᠵᠤ᠂ ᠲᠦᠩᠯᠢᠶᠣᠣ ᠶᠢᠨ ᠮᠣᠩᠭᠤᠯ ᠡᠮᠨᠡᠯᠭᠡ ᠶᠢᠨ ᠡᠮᠴᠢᠯᠡᠭᠡᠨ ᠳᠤ ᠥᠷᠭᠡᠨ ᠢᠶᠠᠷ ᠬᠡᠷᠡᠭᠯᠡᠭᠳᠡᠵᠦ ᠪᠤᠶ᠃   ᠤᠯᠠ ᠶᠢᠨ ᠳᠦᠭᠡᠨ᠎ᠡ ᠵᠠᠰᠠᠯ ᠪᠣᠯ ᠤᠯᠠ ᠡᠪᠡᠰᠦ ᠶᠢ ᠵᠣᠬᠢᠬᠤ ᠪᠡᠶ᠎ᠡ ᠶᠢᠨ ᠭᠠᠳᠠᠷᠭᠤ ᠶᠢᠨ ᠲᠥᠭᠡᠨᠡᠬᠦ ᠪᠡᠯᠴᠢᠷ ᠲᠤ ᠲᠠᠯᠪᠢᠵᠤ ᠰᠢᠲᠠᠭᠠᠭᠠᠳ᠂ ᠬᠠᠯᠠᠭᠤᠨ ᠰᠡᠳᠦᠯᠲᠡ ᠥᠭᠴᠦ ᠵᠠᠰᠠᠬᠤ ᠠᠷᠭ᠎ᠠ ᠶᠢ ᠵᠢᠭᠠᠨ᠎ᠠ᠃ ᠬᠡᠷᠡᠭᠯᠡᠬᠦ ᠤᠯᠠ ᠶᠢ ᠨᠠᠮᠤᠷ ᠤᠨ ᠭᠤᠷᠪᠠᠨ ᠰᠠᠷ᠎ᠠ ᠶᠢᠨ ᠰᠠᠶᠢᠨ ᠴᠠᠭ ᠲᠤ ᠲᠡᠭᠦᠭᠡᠳ᠂ ᠭᠡᠭᠵᠡᠯᠡᠵᠦ ᠲᠠᠰᠤᠯᠬᠤ ᠦᠭᠡᠢ ᠪᠠᠷ ᠨᠦᠳᠦᠵᠦ᠂ ᠬᠤᠭ ᠢ ᠨᠢ ᠴᠡᠪᠡᠷᠯᠡᠵᠦ ᠠᠪᠤᠭᠠᠳ ᠲᠥᠭᠡᠨᠡᠬᠦ ᠳᠤ ᠪᠡᠯᠡᠳᠬᠡᠨ᠎ᠡ᠃ ᠤᠯᠠ ᠡᠪᠡᠰᠦ ᠪᠠᠨ ᠰᠠᠭᠤᠷᠢ ᠶᠢ  ᠨᠢ ᠪᠠᠲᠤ ᠳᠦᠭᠦᠷᠡᠩ᠂ ᠦᠵᠦᠭᠦᠷ ᠢ ᠨᠢ ᠨᠠᠷᠢᠬᠠᠨ ᠰᠤᠯᠠ ᠪᠠᠷ ᠬᠡᠪᠯᠡᠵᠦ ᠲᠥᠭᠡᠨᠡᠬᠦ ᠪᠠᠷ ᠪᠡᠯᠡᠳᠬᠡᠨ᠎ᠡ᠃   ᠤᠯᠠ ᠶᠢᠨ ᠳᠦᠭᠡᠨ᠎ᠡ ᠵᠠᠰᠠᠯ ᠨᠢ ᠡᠰᠡ ᠰᠢᠩᠭᠡᠭᠰᠡᠨ᠂ ᠭᠠᠯ ᠤᠨ ᠢᠯᠴᠢ ᠪᠠᠭᠤᠷᠠᠭᠰᠠᠨ᠂  ᠴᠠᠶᠢᠪᠤᠷ ᠬᠠᠪᠤᠩ᠂  ᠤᠰᠤᠨ  ᠬᠠᠪᠤᠩ᠂  ᠪᠡᠲᠡᠭᠢ᠂  ᠬᠦᠢᠲᠡᠨ  ᠰᠢᠷ᠎ᠠ᠂  ᠲᠣᠯᠣᠭᠠᠢ ᠪᠠ  ᠭᠡᠰᠢᠭᠦᠨ ᠤ  ᠰᠢᠷ᠎ᠠ  ᠤᠰᠤ᠂ ᠴᠢᠭᠢᠭ᠋᠎ᠠ᠂ ᠪᠣᠭᠤᠮ᠎ᠠ᠂ ᠬᠤᠭᠤᠰᠤᠷᠠᠭᠰᠠᠨ ᠬᠠᠯᠠᠭᠤᠨ᠂ ᠰᠣᠯᠢᠶ᠎ᠠ ᠡᠪᠡᠳᠴᠢᠨ᠂ ᠤᠨᠠᠳᠠᠭ ᠡᠪᠡᠳᠴᠢᠨ᠂ ᠰᠤᠳᠠᠯ ᠤᠨ ᠡᠪᠡᠳᠴᠢᠨ ᠪᠦᠭᠦᠳᠡ ᠶᠢ ᠲᠥᠭᠡᠨᠡᠬᠦ ᠪᠥᠭᠡᠳ ᠬᠠᠯᠠᠭᠤᠨ ᠡᠪᠡᠳᠴᠢᠨ ᠤ ᠰᠡᠭᠦᠯ ᠢ ᠲᠠᠰᠤᠯᠬᠤ ᠳᠤ ᠭᠤᠣᠯᠳᠠᠭᠤ ᠳᠦᠭᠡᠨ᠎ᠡ ᠶᠢ ᠬᠡᠷᠡᠭᠯᠡᠨ᠎ᠡ᠃ ᠲᠣᠪᠴᠢᠯᠠᠪᠠᠯ ᠪᠠᠳᠭᠠᠨ ᠬᠡᠢ ᠠᠴᠠ ᠪᠣᠯᠤᠭᠰᠠᠨ ᠬᠦᠢᠲᠡᠨ ᠡᠪᠡᠳᠴᠢᠨ ᠪᠦᠭᠦᠳᠡ ᠢᠯᠠᠩᠭᠤᠶ᠎ᠠ ᠰᠤᠳᠠᠯ ᠤᠨ ᠡᠪᠡᠳᠴᠢᠨ᠂ ᠰᠢᠷ᠎ᠠ ᠤᠰᠤᠨ ᠤ ᠡᠪᠡᠳᠴᠢᠨ ᠪᠦᠭᠦᠨ ᠳᠤ ᠲᠤᠰᠠ ᠲᠠᠢ᠃   ᠤᠯᠠ ᠶᠢᠨ ᠳᠦᠭᠡᠨ᠎ᠡ ᠵᠠᠰᠠᠯ ᠨᠢ ᠲᠦᠭᠦᠬᠡᠢ ᠮᠠᠲ᠋ᠧᠷᠢᠶᠠᠯ ᠣᠯᠬᠤ ᠳᠤ ᠳᠥᠭᠦᠮ᠂ ᠡᠮᠴᠢᠯᠡᠭᠡᠨ ᠤ ᠦᠷ᠎ᠡ ᠠᠰᠢᠭ  ᠢᠶᠠᠷ ᠢᠯᠡᠷᠬᠡᠢ᠂ ᠭᠠᠵᠢᠭᠤ ᠦᠢᠯᠡᠳᠦᠯ ᠪᠠᠭ᠎ᠠ᠂ ᠠᠪᠴᠤ ᠶᠠᠪᠤᠬᠤ ᠳᠤ ᠳᠥᠭᠦᠮ᠂ ᠬᠢᠮᠳᠠ ᠮᠥᠷᠲᠡᠭᠡᠨ ᠬᠡᠷᠡᠭᠴᠡᠭᠡ ᠲᠠᠢ ᠵᠡᠷᠭᠡ ᠳᠠᠪᠠᠭᠤᠯᠢᠭ ᠲᠠᠯ᠎ᠠ ᠲᠠᠢ᠃   2021 ᠣᠨ ᠳᠤ᠂ ᠤᠯᠠ ᠶᠢᠨ ᠳᠦᠭᠡᠨ᠎ᠡ ᠵᠠᠰᠠᠯ ᠨᠢ ᠲᠠᠪᠤᠳᠤᠭᠠᠷ ᠪᠦᠯᠦᠭ ᠤᠨ ᠤᠯᠤᠰ ᠤᠨ ᠳᠡᠰ ᠤᠨ ᠪᠣᠳᠠᠰ ᠤᠨ ᠪᠤᠰᠤ ᠰᠣᠶᠣᠯ ᠤᠨ ᠥᠪ ᠤᠨ ᠲᠥᠯᠥᠭᠡᠯᠡᠬᠦ ᠴᠢᠨᠠᠷᠲᠠᠢ ᠲᠦᠷᠦᠯ ᠵᠦᠢᠯ ᠤᠨ ᠨᠡᠷᠡᠰ ᠤᠨ ᠵᠢᠭᠰᠠᠭᠠᠯᠲᠠ ᠳᠤ ᠣᠷᠣᠪᠠ᠃   ᠮᠣᠩᠭᠤᠯ ᠡᠮ ᠳᠠᠩ ᠤᠨ ᠨᠠᠶᠢᠷᠠᠯᠭ᠎ᠠ ᠶᠢᠨ ᠤᠷ᠎ᠠ ᠮᠡᠷᠭᠡᠵᠢᠯ   ᠮᠣᠩᠭᠤᠯ ᠡᠮ ᠳᠠᠩ ᠤᠨ ᠨᠠᠶᠢᠷᠠᠯᠭ᠎ᠠ ᠶᠢᠨ ᠤᠷ᠎ᠠ ᠮᠡᠷᠭᠡᠵᠢᠯ ᠨᠢ ᠮᠣᠩᠭᠤᠯ ᠡᠮ ᠡᠮᠨᠡᠯᠭᠡ ᠶᠢᠨ ᠣᠨᠣᠯ ᠢᠶᠠᠷ ᠦᠨᠳᠦᠰᠦᠯᠡᠯ ᠪᠤᠯᠭᠠᠵᠤ᠂ ᠡᠮᠴᠢᠯᠡᠭᠡ᠂ ᠲᠣᠬᠢᠷᠠᠭᠤᠯᠤᠯᠲᠠ᠂ ᠨᠠᠶᠢᠷᠠᠯᠲᠠ ᠶᠢᠨ ᠠᠳᠠᠯᠢ ᠪᠤᠰᠤ ᠱᠠᠭᠠᠷᠳᠠᠯᠭ᠎ᠠ ᠪᠣᠯᠣᠨ ᠡᠮ ᠤᠨ ᠮᠠᠲ᠋ᠧᠷᠢᠶᠠᠯ ᠤᠨ ᠰᠢᠨᠵᠢ ᠴᠢᠨᠠᠷ ᠢᠶᠠᠷ ᠡᠮ ᠳᠠᠩ ᠢ ᠨᠠᠶᠢᠷᠠᠭᠤᠯᠤᠨ ᠪᠤᠯᠪᠠᠰᠤᠷᠠᠭᠤᠯᠬᠤ ᠮᠡᠷᠭᠡᠵᠢᠯ ᠪᠣᠯᠣᠨ᠎ᠠ᠃ ᠮᠣᠩᠭᠤᠯ ᠡᠮ ᠤᠨ ᠮᠠᠲ᠋ᠧᠷᠢᠶᠠᠯ ᠤᠨ ᠣᠯᠠᠩᠬᠢ ᠨᠢ ᠤᠷᠭᠤᠮᠠᠯ᠂ ᠠᠮᠢᠲᠠᠨ ᠪᠠ ᠡᠷᠦᠳᠡᠰᠦ ᠶᠢ ᠬᠡᠷᠡᠭᠯᠡᠵᠦ ᠪᠠᠶᠢᠳᠠᠭ᠃ ᠮᠣᠩᠭᠤᠯ ᠡᠮ ᠤᠨ ᠮᠠᠲ᠋ᠧᠷᠢᠶᠠᠯ ᠤᠨ ᠬᠡᠷᠡᠭᠴᠡᠭᠡ ᠶᠢ ᠦᠨᠳᠦᠰᠦᠯᠡᠨ ᠦᠨᠢᠶᠡᠨ ᠰᠦ᠂ ᠢᠮᠠᠭᠠᠨ ᠰᠦ᠂ ᠬᠠᠷ᠎ᠠ ᠠᠷᠢᠬᠢ ᠵᠡᠷᠭᠡ ᠲᠤᠰᠠᠯᠠᠬᠤ ᠮᠠᠲ᠋ᠧᠷᠢᠶᠠᠯ ᠢ ᠬᠠᠪᠰᠤᠷᠭᠠᠵᠤ ᠮᠣᠩᠭᠤᠯ ᠡᠮ ᠢ ᠨᠠᠶᠢᠷᠠᠭᠤᠯᠵᠤ ᠬᠢᠳᠡᠭ᠃ ᠬᠤᠣᠷᠲᠤ ᠴᠢᠨᠠᠷᠲᠠᠢ᠂ ᠬᠠᠲᠠᠭᠤ ᠰᠢᠷᠦᠭᠦᠨ ᠪᠤᠶᠤ ᠴᠢᠳᠠᠯ ᠬᠦᠷᠬᠦ ᠦᠭᠡᠢ᠂ ᠳᠥᠭᠦᠮ ᠦᠭᠡᠢ ᠡᠮ ᠨᠠᠶᠢᠷᠠᠯᠭ᠎ᠠ ᠶᠢ ᠨᠣᠮᠣᠬᠠᠳᠬᠠᠵᠤ᠂ ᠡᠮᠴᠢᠯᠡᠭᠡᠨ ᠤ ᠱᠠᠭᠠᠷᠳᠠᠯᠭ᠎ᠠ ᠶᠢ ᠬᠠᠩᠭᠠᠬᠤ ᠶᠢᠨ ᠬᠠᠮᠲᠤ ᠡᠮ ᠬᠡᠷᠡᠭᠯᠡᠬᠦ ᠠᠮᠤᠷ ᠲᠦᠪᠰᠢᠨ ᠢ ᠪᠠᠲᠤᠯᠠᠨ᠎ᠠ᠃ ᠮᠣᠩᠭᠤᠯ ᠡᠮ ᠳᠠᠩ ᠤᠨ ᠤᠯᠠᠮᠵᠢᠯᠠᠯᠲᠤ ᠨᠣᠮᠣᠬᠠᠳᠬᠠᠬᠤ ᠤᠷ᠎ᠠ ᠮᠡᠷᠭᠡᠵᠢᠯ ᠬᠤᠶᠠᠷ ᠮᠢᠩᠭ᠎ᠠ ᠭᠠᠷᠤᠢ ᠵᠢᠯ ᠤᠨ ᠲᠡᠦᠬᠡ ᠲᠠᠢ᠃   2022 ᠣᠨ ᠳᠤ᠂ ᠮᠣᠩᠭᠤᠯ ᠡᠮ ᠳᠠᠩ ᠤᠨ ᠨᠠᠶᠢᠷᠠᠯᠭ᠎ᠠ ᠶᠢᠨ ᠤᠷ᠎ᠠ ᠮᠡᠷᠭᠡᠵᠢᠯ ᠨᠢ ᠳᠣᠯᠣᠳᠤᠭᠠᠷ ᠪᠦᠯᠦᠭ ᠤᠨ ᠥᠪᠡᠷᠲᠡᠭᠡᠨ ᠵᠠᠰᠠᠬᠤ ᠣᠷᠣᠨ ᠤ ᠲᠠᠰ ᠤᠨ ᠪᠣᠳᠠᠰ ᠤᠨ ᠪᠤᠰᠤ ᠰᠣᠶᠣᠯ ᠤᠨ ᠥᠪ ᠤᠨ ᠲᠥᠯᠥᠭᠡᠯᠡᠬᠦ ᠴᠢᠨᠠᠷᠲᠠᠢ ᠳᠦᠷᠦᠯ ᠵᠦᠢᠯ ᠤᠨ ᠨᠡᠷᠡᠰ ᠤᠨ ᠵᠢᠭᠰᠠᠭᠠᠯᠲᠠ ᠳᠤ ᠣᠷᠣᠪᠠ᠃    ᠬᠠᠨᠠᠬᠤ ᠵᠠᠰᠠᠯ   ᠬᠠᠨᠠᠬᠤ ᠵᠠᠰᠠᠯ ᠪᠣᠯ ᠮᠣᠩᠭᠤᠯ ᠡᠮᠨᠡᠯᠭᠡ ᠶᠢᠨ ᠤᠯᠠᠮᠵᠢᠯᠠᠯᠲᠤ ᠵᠠᠰᠠᠯ ᠤᠨ ᠨᠢᠭᠡ ᠪᠤᠯᠬᠤ ᠪᠥᠭᠡᠳ ᠨᠢᠭᠡ ᠵᠦᠢᠯ ᠤᠨ ᠭᠠᠳᠠᠷ ᠵᠠᠰᠠᠯᠭ᠎ᠠ ᠶᠢᠨ ᠠᠷᠭ᠎ᠠ ᠪᠣᠯᠣᠨ᠎ᠠ᠃ ᠬᠠᠨᠠᠬᠤ ᠵᠠᠰᠠᠯ ᠪᠣᠯ ᠬᠥᠮᠥᠨ ᠤ ᠪᠡᠶ᠎ᠡ ᠶᠢᠨ ᠡᠯ᠎ᠡ ᠬᠡᠰᠡᠭ ᠲᠠᠬᠢ ᠲᠣᠭᠲᠠᠭᠰᠠᠨ ᠨᠠᠮᠵᠢᠭᠤᠨ ᠰᠤᠳᠠᠯ ᠤᠨ ᠪᠡᠯᠴᠢᠷ ᠤᠳ ᠢ ᠬᠠᠨᠠᠵᠤ᠂ ᠡᠪᠡᠳᠴᠢᠨ ᠤ ᠴᠢᠰᠤ ᠪᠣᠯᠣᠨ ᠠᠭᠤᠷ ᠢ ᠭᠠᠷᠭᠠᠬᠤ ᠪᠠᠷ ᠳᠠᠮᠵᠢᠨ ᠠᠨᠠᠭᠠᠳᠠᠭ ᠨᠢᠭᠡ ᠵᠦᠢᠯ ᠤᠨ ᠰᠢᠷᠦᠭᠦᠨ ᠵᠠᠰᠠᠯ ᠪᠣᠯᠣᠨ᠎ᠠ᠃ ᠮᠣᠩᠭᠤᠯ ᠠᠨᠠᠭᠠᠬᠤ ᠤᠬᠠᠭᠠᠨ ᠤ ᠬᠠᠨᠠᠬᠤ ᠵᠠᠰᠠᠯ ᠪᠣᠯ ᠰᠡᠷᠢᠭᠦᠨ ᠵᠠᠰᠠᠯ ᠤᠨ ᠬᠡᠪᠴᠢᠶ᠎ᠡ ᠮᠥᠨ ᠪᠣᠯᠬᠤᠷ ᠬᠠᠯᠠᠭᠤᠨ ᠢ ᠠᠷᠢᠯᠭᠠᠵᠤ᠂ ᠬᠤᠣᠷ ᠢ ᠭᠠᠷᠭᠠᠬᠤ ᠪᠥᠭᠡᠳ ᠡᠪᠡᠳᠴᠢᠨ ᠤ ᠰᠡᠭᠦᠯ ᠢ ᠭᠠᠷᠭᠠᠬᠤ ᠦᠢᠯᠡᠳᠦᠯ ᠲᠠᠢ ᠪᠠᠶᠢᠳᠠᠭ᠃   ᠳᠡᠷᠡ ᠨᠢ ᠭᠡᠮᠲᠦᠭᠰᠡᠨ ᠬᠢᠮᠤᠷᠠᠭᠰᠠᠨ ᠬᠠᠯᠠᠭᠤᠨ᠂ ᠬᠢᠵᠢᠭ ᠤᠨ ᠬᠠᠯᠠᠭᠤᠨ᠂ ᠬᠠᠪᠤᠳᠠᠷ᠂ ᠲᠤᠯᠠᠢ᠂ ᠰᠦᠷᠢᠶ᠎ᠡ᠂ ᠭᠠᠯ ᠨᠠᠮᠤᠰᠦ᠂ ᠰᠢᠷ᠎ᠠ ᠤᠰᠤ ᠵᠡᠷᠭᠡ ᠶᠢ ᠠᠨᠠᠭᠠᠬᠤ ᠪᠥᠭᠡᠳ ᠶᠡᠷᠦᠩᠬᠡᠶᠢᠯᠡᠪᠡᠯ ᠴᠢᠰᠤ᠂ ᠰᠢᠷ᠎ᠠ ᠶᠢᠨ ᠴᠢᠨᠠᠷᠲᠠᠢ ᠬᠠᠯᠠᠭᠤᠨ ᠡᠪᠡᠳᠴᠢᠨ ᠨᠦᠭᠦᠳ ᠢ ᠴᠥᠮ ᠬᠠᠨᠠᠵᠤ ᠪᠣᠯᠣᠨ᠎ᠠ᠃   2019 ᠣᠨ ᠳᠤ᠂ ᠬᠠᠨᠠᠬᠤ ᠵᠠᠰᠠᠯ ᠨᠢ ᠵᠢᠷᠭᠤᠳᠤᠭᠠᠷ ᠪᠦᠯᠦᠭ ᠤᠨ ᠲᠦᠩᠯᠢᠶᠣᠣ ᠬᠤᠲᠠ ᠶᠢᠨ ᠳᠡᠰ ᠤᠨ ᠪᠣᠳᠠᠰ ᠤᠨ ᠪᠤᠰᠤ ᠰᠣᠶᠣᠯ ᠤᠨ ᠥᠪ ᠤᠨ ᠲᠥᠯᠥᠭᠡᠯᠡᠬᠦ ᠴᠢᠨᠠᠷᠲᠠᠢ ᠲᠦᠷᠦᠯ ᠵᠦᠢᠯ ᠤᠨ ᠨᠡᠷᠡᠰ ᠤᠨ ᠵᠢᠭᠰᠠᠭᠠᠯᠲᠠ ᠳᠤ ᠣᠷᠣᠪᠠ᠃   ᠲᠠᠪᠤᠨ ᠷᠠᠰᠢᠶᠠᠨ ᠤ ᠵᠠᠰᠠᠯ   ᠲᠠᠪᠤᠨ ᠷᠠᠰᠢᠶᠠᠨ ᠤ ᠵᠠᠰᠠᠯ ᠪᠣᠯ ᠮᠣᠩᠭᠤᠯ ᠦᠨᠳᠦᠰᠦᠲᠡᠨ ᠤ ᠣᠨᠴᠠᠯᠢᠭᠲᠤ ᠵᠠᠰᠠᠯ ᠤᠨ ᠨᠢᠭᠡ ᠪᠤᠯᠬᠤ ᠶᠤᠮ᠃ ᠳᠠᠷᠤᠢ ᠦᠷᠭᠡᠰᠦᠳᠦ ᠠᠷᠴᠠ᠂ ᠵᠡᠭᠡᠷᠭᠡᠨ᠎ᠡ᠂ ᠳᠠᠯᠢ᠂ ᠠᠭᠢ᠂ ᠪᠠᠯᠭᠤᠨ᠎ᠠ ᠵᠡᠷᠭᠡ ᠮᠥᠩᠬᠡ ᠬᠥᠬᠡᠷᠡᠬᠦ ᠲᠠᠪᠤᠨ ᠵᠦᠢᠯ ᠤᠨ ᠡᠪᠡᠰᠦᠨ ᠡᠮ ᠢᠶᠠᠷ ᠰᠠᠭᠤᠷᠢ ᠪᠣᠯᠭᠠᠨ ᠪᠤᠰᠤᠳ ᠬᠠᠮᠢᠶ᠎ᠠ ᠪᠦᠬᠦᠢ ᠡᠮ ᠢ ᠨᠡᠮᠡᠷᠢᠯᠡᠨ ᠰᠠᠶᠢᠲᠤᠷ ᠳᠡᠪᠲᠦᠭᠡᠨ ᠴᠢᠨᠠᠵᠤ ᠭᠠᠷᠭᠠᠭᠰᠠᠨ ᠶᠡᠭᠡ ᠬᠡᠮᠵᠢᠶᠡᠨ ᠤ ᠬᠠᠯᠠᠭᠤᠨ ᠤᠰᠤᠨ ᠳᠤ ᠣᠷᠣᠵᠤ ᠳᠡᠪᠲᠦᠭᠡᠨ ᠵᠠᠰᠠᠬᠤ ᠶᠢ ᠵᠢᠭᠠᠨ᠎ᠠ᠃   ᠲᠠᠪᠤᠨ ᠷᠠᠰᠢᠶᠠᠨ ᠤ ᠵᠠᠰᠠᠯ ᠨᠢ ᠦᠶ᠎ᠡ ᠭᠡᠰᠢᠭᠦᠦ ᠬᠥᠰᠢᠬᠦ᠂ ᠵᠢᠭᠢᠵᠦ ᠴᠢᠳᠠᠬᠤ ᠦᠭᠡᠢ ᠠᠲᠤᠶᠢᠬᠤ᠂ ᠦᠢᠯᠡ ᠠᠵᠢᠯᠯᠠᠭ᠎ᠠ ᠨᠢ ᠪᠠᠭᠤᠷᠠᠭᠠᠳ ᠲᠠᠬᠢᠷᠳᠠᠬᠤ᠂ ᠴᠢᠭᠢᠭ᠋᠎ᠠ ᠡᠪᠡᠳᠴᠢᠨ᠂ ᠪᠣᠭᠤᠮ᠎ᠠ᠂ ᠰᠢᠨ᠎ᠡ ᠬᠠᠭᠤᠴᠢᠨ ᠶᠠᠷ᠎ᠠ᠂ ᠬᠠᠪᠤᠳᠠᠷ᠂ ᠡᠮᠡᠭᠲᠡᠢ ᠶᠢᠨ ᠬᠡᠢ ᠪᠦᠷᠢᠯᠳᠦᠭᠰᠡᠨ ᠡᠪᠡᠳᠴᠢᠨ᠂ ᠦᠶ᠎ᠡ ᠮᠥᠴᠢ ᠮᠤᠷᠤᠶᠢᠭᠰᠠᠨ᠂ ᠨᠢᠷᠤᠭᠤᠨ ᠤ ᠦᠶᠡᠰ ᠪᠥᠭᠴᠥᠶᠢᠭᠰᠡᠨ᠂ ᠮᠢᠬ᠎ᠠ ᠶᠠᠰᠤᠨ ᠤ ᠰᠢᠷ᠎ᠠ ᠤᠰᠤ ᠲᠠᠷᠬᠠᠭᠰᠠᠨ ᠵᠡᠷᠭᠡ ᠬᠡᠢ ᠡᠪᠡᠳᠴᠢᠨ ᠳᠤ ᠮᠠᠰᠢ ᠰᠠᠶᠢᠨ᠃ ᠲᠡᠷᠡᠴᠢᠯᠡᠨ ᠲᠤᠬᠠᠢ ᠲᠠᠢ ᠨᠡᠮᠡᠷᠢ ᠡᠮ ᠢ ᠲᠠᠯᠪᠢᠵᠤ ᠤᠯᠠᠨ ᠵᠦᠢᠯ ᠢᠶᠠᠷ ᠵᠢᠯᠣᠭᠤᠳᠤᠨ ᠲᠣᠬᠢᠷᠠᠭᠤᠯᠪᠠᠯ ᠰᠠᠷᠨᠢᠭᠰᠠᠨ ᠢ ᠬᠤᠷᠢᠶᠠᠬᠤ᠂ ᠬᠠᠭᠤᠴᠢᠷᠠᠭᠰᠠᠨ ᠬᠠᠯᠠᠭᠤᠨ ᠢ ᠭᠠᠷᠭᠠᠬᠤ᠂ ᠰᠢᠷ᠎ᠠ ᠤᠰᠤ ᠶᠢ ᠬᠠᠳᠠᠭᠠᠬᠤ ᠪᠥᠭᠡᠳ ᠲᠠᠮᠢᠷ ᠤᠨ ᠴᠢᠰᠤ ᠮᠠᠭᠤ ᠴᠢᠰᠤ ᠶᠢ ᠢᠯᠭᠠᠬᠤ᠂ ᠨᠢᠰᠤᠭᠤ ᠭᠦᠪᠲᠦᠷᠦᠦ᠂ ᠡᠯ᠎ᠡ ᠵᠦᠢᠯ ᠤᠨ ᠠᠷᠠᠰᠤᠨ ᠤ ᠡᠪᠡᠳᠴᠢᠨ ᠢ ᠠᠷᠢᠯᠭᠠᠬᠤ ᠪᠥᠭᠡᠳ ᠰᠦᠷᠢᠶ᠎ᠡ ᠡᠪᠡᠳᠴᠢᠨ᠂ ᠰᠤᠳᠠᠯ ᠤᠨ ᠡᠪᠡᠳᠴᠢᠨ᠂ ᠬᠤᠳᠣᠭᠤᠳᠤᠨ ᠤ ᠭᠠᠯ ᠤᠨ ᠢᠯᠴᠢ ᠪᠠᠭᠤᠷᠠᠭᠰᠠᠨ᠂ ᠪᠥᠭᠡᠷᠡᠨ ᠤ ᠬᠦᠢᠲᠡᠨ ᠬᠡᠢ ᠶᠢ ᠠᠷᠢᠯᠭᠠᠵᠤ᠂ ᠪᠠᠮ ᠡᠪᠡᠳᠴᠢᠨ ᠪᠠ ᠤᠵᠢᠬᠰᠢᠷᠠᠬᠰᠠᠨ ᠡᠪᠡᠳᠴᠢᠨ ᠨᠦᠭᠦᠳ ᠢ ᠠᠷᠢᠯᠭᠠᠵᠤ ᠳᠠᠶᠢᠯᠦᠨ᠎ᠡ᠃   2022 ᠣᠨ ᠳᠤ᠂ ᠲᠠᠪᠤᠨ ᠷᠠᠰᠢᠶᠠᠨ ᠤ ᠵᠠᠰᠠᠯ ᠨᠢ ᠳᠣᠯᠣᠳᠤᠭᠠᠷ ᠪᠦᠯᠦᠭ ᠤᠨ ᠲᠦᠩᠯᠢᠶᠣᠣ ᠬᠤᠲᠠ ᠶᠢᠨ ᠳᠡᠰ ᠤᠨ ᠪᠣᠳᠠᠰ ᠤᠨ ᠪᠤᠰᠤ ᠰᠣᠶᠣᠯ ᠤᠨ ᠥᠪ ᠤᠨ ᠲᠥᠯᠥᠭᠡᠯᠡᠬᠦ ᠴᠢᠨᠠᠷᠲᠠᠢ ᠲᠦᠷᠦᠯ ᠵᠦᠢᠯ ᠤᠨ ᠨᠡᠷᠡᠰ ᠤᠨ ᠵᠢᠭᠰᠠᠭᠠᠯᠲᠠ ᠳᠤ ᠣᠷᠣᠪᠠ᠃     ᠳᠠᠪᠤᠰᠤᠨ ᠵᠢᠩ ᠵᠠᠰᠠᠯ   ᠥᠷᠭᠡᠨ ᠠᠭᠤᠳᠠᠮ ᠮᠣᠩᠭᠤᠯ ᠣᠷᠣᠨ ᠨᠢ ᠳᠠᠪᠤᠰᠤᠨ ᠤ ᠭᠠᠷᠤᠯᠲᠠ ᠶᠢᠨ ᠡᠬᠢ ᠪᠠᠶᠠᠯᠢᠭ ᠲᠠᠢ ᠪᠠᠶᠢᠳᠠᠭ ᠪᠥᠭᠡᠳ ᠮᠣᠩᠭᠤᠯ ᠤᠨ ᠡᠪᠦᠭᠡ ᠳᠡᠭᠡᠳᠦᠰ ᠤᠯᠠᠨ ᠮᠢᠩᠭᠠᠨ ᠵᠢᠯ ᠤᠨ ᠲᠤᠷᠰᠢ ᠡᠪᠡᠳᠴᠢᠨ ᠬᠡᠨᠲᠡᠭ ᠲᠠᠢ ᠡᠷᠡᠰ ᠲᠡᠮᠡᠴᠡᠨ ᠠᠷᠭ᠎ᠠ ᠳᠠᠮ ᠣᠯᠣᠭᠰᠠᠨ ᠦᠢᠯᠡᠳᠦᠯᠭᠡ ᠠᠴᠠ ᠳᠠᠪᠤᠰᠤᠨ ᠵᠠᠰᠠᠯ ᠢ ᠨᠡᠭᠡᠭᠡᠨ ᠪᠦᠲᠦᠭᠡᠭᠰᠡᠨ᠂ ᠳᠡᠷᠡ ᠨᠢ ᠡᠳᠦᠭᠡ ᠪᠤᠯᠳᠠᠯ᠎ᠠ ᠤᠯᠠᠮᠵᠢᠯᠠᠭᠳᠠᠭᠰᠠᠭᠠᠷ ᠢᠷᠡᠯ᠎ᠡ᠃ ᠳᠠᠪᠤᠰᠤᠨ ᠵᠢᠩ ᠵᠠᠰᠠᠯ ᠪᠣᠯ ᠬᠠᠯᠠᠭᠤᠯᠠᠬᠰᠠᠨ ᠳᠠᠪᠤᠰᠤ ᠪᠠᠷ ᠶᠠᠮᠠᠷ ᠨᠢᠭᠡᠨ ᠣᠷᠣᠨ ᠪᠠᠯᠴᠢᠷ ᠢ ᠪᠦᠯᠢᠶᠡᠳᠬᠡᠨ ᠬᠠᠯᠠᠭᠤᠯᠵᠤ᠂ ᠬᠡᠢ ᠴᠢᠰᠤᠨ ᠤ ᠭᠦᠶᠦᠳᠡᠯ ᠢ ᠰᠠᠶᠢᠵᠢᠷᠠᠭᠤᠯᠬᠤ᠂ ᠠᠳᠬᠤᠷᠠᠭ᠎ᠠ ᠶᠢ ᠲᠠᠯᠪᠢᠭᠳᠠᠭᠤᠯᠬᠤ᠂ ᠡᠪᠡᠳᠬᠦ ᠶᠢ ᠵᠣᠭᠰᠤᠭᠠᠬᠤ ᠪᠠᠷ ᠳᠠᠮᠵᠢᠭᠤᠯᠤᠨ ᠡᠪᠡᠳᠴᠢᠨ ᠢ ᠠᠨᠠᠭᠠᠨ ᠵᠠᠰᠠᠬᠤ ᠵᠢᠴᠢ ᠡᠷᠡᠭᠦᠯᠵᠢᠭᠦᠯᠬᠦ ᠦᠢᠯᠡᠳᠦᠯ ᠪᠦᠬᠦᠢ ᠨᠢᠭᠡ ᠵᠦᠢᠯ ᠤᠨ ᠤᠯᠠᠮᠵᠢᠯᠠᠯᠲᠤ ᠭᠠᠳᠠᠷ ᠵᠠᠰᠠᠯ ᠪᠣᠯᠣᠨ᠎ᠠ᠃   ᠳᠠᠪᠤᠰᠤᠨ ᠵᠢᠩ ᠪᠠᠷᠢᠬᠤ ᠵᠠᠰᠠᠯ ᠨᠢ ᠪᠥᠭᠡᠷ᠎ᠡ ᠨᠢᠷᠤᠭᠤ ᠶᠢᠨ ᠡᠪᠡᠳᠴᠢᠨ᠂ ᠬᠥᠯ ᠪᠠ ᠦᠶ᠎ᠡ ᠭᠡᠰᠢᠭᠦᠦ ᠶᠢᠨ ᠡᠪᠡᠳᠴᠢᠨ᠂ ᠦᠶ᠎ᠡ ᠭᠡᠰᠢᠭᠦᠦ ᠶᠢᠨ ᠰᠢᠷ᠎ᠠ ᠤᠰᠤ᠂ ᠴᠢᠭᠢᠭ ᠨᠣᠶᠢᠲᠠᠨ ᠠᠴᠠ ᠪᠣᠯᠤᠭᠰᠠᠨ ᠭᠡᠮ ᠰᠣᠭᠤᠭ᠂ ᠪᠠᠮ ᠡᠪᠡᠳᠴᠢᠨ ᠬᠢᠭᠡᠳ ᠠᠷᠠᠰᠤᠨ ᠤ ᠡᠪᠡᠳᠴᠢᠨ᠂ ᠡᠰᠡ ᠰᠢᠩᠭᠡᠭᠰᠡᠨ ᠡᠪᠡᠳᠴᠢᠨ ᠳᠤ ᠲᠣᠬᠢᠷᠠᠨ᠎ᠠ᠃   ᠳᠠᠪᠤᠰᠤᠨ ᠵᠢᠩ ᠪᠠᠷᠢᠬᠤ ᠵᠠᠰᠠᠯ ᠨᠢ ᠡᠮᠴᠢᠯᠡᠭᠡᠨ ᠤ ᠦᠷ᠎ᠡ ᠪᠦᠳᠦᠮᠵᠢ ᠰᠠᠶᠢᠨ᠂ ᠰᠤᠷᠬᠤ ᠳᠤ ᠭᠢᠯᠪᠡᠷ᠂ ᠵᠠᠷᠤᠳᠠᠯ ᠬᠢᠮᠳᠠ ᠵᠡᠷᠭᠡ ᠣᠨᠴᠠᠯᠢᠭ ᠲᠠᠢ᠃ ᠳᠠᠪᠤᠰᠤᠨ ᠵᠢᠩ ᠪᠠᠷᠢᠬᠤ ᠵᠠᠰᠠᠯ ᠨᠢ ᠠᠷᠠᠳ ᠤᠯᠠᠨ ᠤ ᠪᠡᠶ᠎ᠡ ᠰᠡᠳᠬᠢᠯ ᠤᠨ ᠡᠷᠡᠭᠦᠯ ᠮᠡᠨᠳᠦ ᠳᠤ ᠴᠢᠬᠤᠯᠠ ᠦᠢᠯᠡᠳᠦᠯ ᠦᠵᠡᠭᠦᠯᠵᠦ ᠪᠠᠶᠢᠪᠠ᠃   2019 ᠣᠨ ᠳᠤ᠂ ᠳᠠᠪᠤᠰᠤᠨ ᠵᠢᠩ ᠪᠠᠷᠢᠬᠤ ᠵᠠᠰᠠᠯ ᠨᠢ ᠵᠢᠷᠭᠤᠳᠤᠭᠠᠷ ᠪᠦᠯᠦᠭ ᠤᠨ ᠲᠦᠩᠯᠢᠶᠣᠣ ᠬᠤᠲᠠ ᠶᠢᠨ ᠳᠡᠰ ᠤᠨ ᠪᠣᠳᠠᠰ ᠤᠨ ᠪᠤᠰᠤ ᠰᠣᠶᠣᠯ ᠤᠨ ᠥᠪ ᠤᠨ ᠲᠥᠯᠥᠭᠡᠯᠡᠬᠦ ᠴᠢᠨᠠᠷᠲᠠᠢ ᠲᠦᠷᠦᠯ ᠵᠦᠢᠯ ᠤᠨ ᠨᠡᠷᠡᠰ ᠤᠨ ᠵᠢᠭᠰᠠᠭᠠᠯᠲᠠ ᠳᠤ ᠣᠷᠣᠪᠠ᠃   ᠰᠣᠷᠣᠭᠤᠯᠳᠠᠬᠤ ᠵᠠᠰᠠᠯ   ᠰᠣᠷᠣᠭᠤᠯᠳᠠᠬᠤ ᠵᠠᠰᠠᠯ ᠪᠣᠯ ᠪᠥᠭᠡᠷᠡᠩᠬᠡᠢ ᠬᠡᠯᠪᠡᠷᠢᠲᠦ ᠰᠠᠪᠠ ︵ᠰᠣᠷᠣᠭᠤᠯ︶ ᠳᠣᠲᠣᠷ᠎ᠠ ᠰᠥᠭᠡᠷᠭᠦ ᠳᠠᠷᠤᠯᠲᠠ ᠡᠭᠦᠰᠬᠡᠭᠡᠳ᠂ ᠡᠪᠡᠳᠴᠢᠯᠡᠭᠰᠡᠨ ᠬᠡᠰᠡᠭ ᠤᠨ ᠭᠠᠳᠠᠷᠭᠤ ᠳᠤ ᠲᠠᠯᠪᠢᠨ ᠰᠣᠷᠣᠭᠤᠯᠳᠠᠨ ᠲᠠᠲᠠᠬᠤ ᠪᠠᠷ ᠳᠠᠮᠵᠢᠭᠤᠯᠤᠨ ᠡᠪᠡᠳᠴᠢᠨ ᠵᠠᠰᠠᠬᠤ ᠠᠷᠭ᠎ᠠ ᠶᠢ ᠵᠢᠭᠠᠨ᠎ᠠ᠃ ᠰᠣᠷᠣᠭᠤᠯᠳᠠᠬᠤ ᠵᠠᠰᠠᠯ ᠨᠢ ᠲᠣᠮᠣᠭᠤ ᠲᠠᠭᠰᠢᠭᠤᠷ᠂ ᠲᠣᠯᠣᠭᠠᠢ ᠡᠪᠡᠳᠬᠦ᠂ ᠮᠠᠨᠬᠭᠡᠷ᠂ ᠠᠭᠰᠠᠭ᠎ᠠ᠂ ᠪᠤᠯᠴᠢᠩ ᠤᠨ ᠭᠡᠮᠲᠦᠯ᠂ ᠦᠶ᠎ᠡ ᠭᠡᠰᠢᠭᠦᠨ ᠤ ᠰᠢᠷ᠎ᠠ ᠤᠰᠤᠨ ᠡᠪᠡᠳᠴᠢᠨ᠂ ᠬᠥᠯ ᠨᠢᠷᠤᠭᠤ ᠡᠪᠡᠳᠬᠦ᠂ ᠬᠡᠰᠡᠭ ᠭᠠᠵᠠᠷ ᠤᠨ ᠴᠢᠨᠠᠷᠲᠠᠢ ᠮᠤᠵᠢᠭᠤᠳᠠ ᠡᠪᠡᠳᠦᠯᠲᠡ᠂ ᠬᠤᠳᠣᠭᠤᠳᠤ ᠭᠡᠳᠡᠰᠦᠨ ᠤ ᠬᠦᠢᠲᠡᠨ ᠬᠡᠢ᠂ ᠬᠡᠦᠬᠡᠨ ᠬᠡᠪᠲᠡᠰᠢ ᠶᠢᠨ ᠬᠦᠢᠲᠡᠨ ᠬᠡᠢ᠂ ᠬᠤᠣᠷᠲᠤ ᠶᠠᠷ᠎ᠠ᠂ ᠬᠠᠪᠤᠳᠠᠷ᠂ ᠬᠤᠣᠷᠲᠤ ᠮᠣᠭᠠᠢ ᠳᠤ ᠬᠠᠳᠬᠤᠭᠳᠠᠭᠰᠠᠨ ᠰᠢᠷᠬ᠎ᠠ ᠵᠡᠷᠭᠡ ᠡᠪᠡᠳᠴᠢᠨ ᠳᠤ ᠲᠣᠬᠢᠷᠠᠨ᠎ᠠ᠃ ᠰᠣᠷᠣᠭᠤᠯᠳᠠᠬᠤ ᠵᠠᠰᠠᠯ ᠢᠶᠠᠷ ᠳᠠᠮᠵᠢᠵᠦ ᠬᠡᠰᠡᠭ ᠭᠠᠵᠠᠷ ᠤᠨ ᠮᠠᠭᠤ ᠴᠢᠰᠤ᠂ ᠰᠢᠷ᠎ᠠ ᠤᠰᠤ ᠶᠢ ᠰᠣᠷᠣᠭᠤᠯᠳᠠᠵᠤ ᠠᠪᠤᠭᠠᠳ᠂ ᠰᠤᠳᠠᠯ ᠤᠨ ᠭᠦᠶᠦᠳᠡᠯ ᠢ ᠨᠢ ᠰᠠᠶᠢᠵᠢᠷᠠᠭᠤᠯᠵᠤ᠂ ᠴᠠᠭᠠᠨ ᠰᠤᠳᠠᠯ ᠤᠨ ᠴᠢᠰᠤᠨ ᠤ ᠬᠠᠩᠭᠠᠯᠲᠠ ᠶᠢ ᠰᠠᠶᠢᠵᠢᠷᠠᠭᠤᠯᠬᠤ ᠪᠥᠭᠡᠳ ᠳᠠᠷᠤᠭᠠᠰᠤ ᠶᠢ ᠬᠥᠩᠭᠡᠷᠡᠭᠦᠯᠵᠦ᠂ ᠡᠪᠡᠳᠴᠢᠨ ᠢ ᠠᠨᠠᠭᠠᠨ᠎ᠠ᠃ ᠰᠣᠷᠣᠭᠤᠯᠳᠠᠬᠤ ᠵᠠᠰᠠᠯ ᠨᠢ ᠡᠮᠨᠡᠨ ᠵᠠᠰᠠᠬᠤ ᠳᠤ ᠲᠥᠭᠦᠮ᠂ ᠡᠮᠴᠢᠯᠡᠭᠡᠨ ᠤ ᠦᠷ᠎ᠡ ᠪᠦᠳᠦᠮᠵᠢ ᠰᠠᠶᠢᠨ᠂ ᠡᠮᠨᠡᠨ ᠵᠠᠰᠠᠬᠤ ᠥᠪᠡᠷ ᠤᠨ ᠥᠷᠲᠡᠭ ᠨᠢ ᠳᠣᠣᠷ᠎ᠠ ᠤᠴᠢᠷ ᠠᠴᠠ ᠡᠪᠡᠳᠴᠢᠲᠡᠨ ᠤ ᠬᠦᠷᠢᠶᠡᠯᠡᠯ ᠢ ᠶᠡᠬᠡᠳᠡ ᠣᠯᠣᠭᠰᠠᠨ ᠪᠠᠶᠢᠨ᠎ᠠ᠃   2019 ᠣᠨ ᠳᠤ᠂ ᠰᠣᠷᠣᠭᠤᠯᠳᠠᠬᠤ ᠵᠠᠰᠠᠯ ᠨᠢ ᠵᠢᠷᠭᠤᠳᠤᠭᠠᠷ ᠪᠦᠯᠦᠭ ᠤᠨ ᠲᠦᠩᠯᠢᠶᠣᠣ ᠬᠤᠲᠠ ᠶᠢᠨ ᠳᠡᠰ ᠤᠨ ᠪᠣᠳᠠᠰ ᠤᠨ ᠪᠤᠰᠤ ᠰᠣᠶᠣᠯ ᠤᠨ ᠥᠪ ᠤᠨ ᠲᠥᠯᠥᠭᠡᠯᠡᠬᠦ ᠴᠢᠨᠠᠷᠲᠠᠢ ᠲᠦᠷᠦᠯ ᠵᠦᠢᠯ ᠤᠨ ᠨᠡᠷᠡᠰ ᠤᠨ ᠵᠢᠭᠰᠠᠭᠠᠯᠲᠠ ᠳᠤ ᠣᠷᠣᠪᠠ᠃
 
ᠢᠷᠡᠯᠲᠡ᠄ ᠲᠥᠩᠯᠢᠶᠤᠤ ᠮᠣᠩᠭᠤᠯ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号