| | | ᠦᠬᠠᠨ ᠤ ᠬᠤᠶᠠᠷ ᠰᠠᠷ᠎ᠠ ᠶᠢᠨ ᠳᠣᠯᠤᠭᠠᠨ ᠤ ᠳᠣᠷᠠᠰᠬᠠᠯ ᠤᠨ ᠣᠷᠳᠤᠨ ᠳᠤ ᠬᠠᠳᠠᠭᠠᠯᠠᠵᠤ ᠪᠠᠶᠢᠭ᠎ᠠ ︽ᠬᠤᠶᠠᠷ | ᠰᠠᠷ᠎ᠠ ᠶᠢᠨ ᠳᠣᠯᠤᠭᠠᠨ ᠤ ᠠᠵᠢᠯᠴᠢᠨ ᠤ ᠦᠰᠢᠶ᠎ᠡ ᠬᠤᠷᠤᠰᠤᠯ︾ ᠭᠡᠰᠡᠨ ᠭᠠᠷ ᠳᠡᠪᠲᠡᠷ ᠲᠤ᠂ ︽2·7︾ ᠤ | ᠬᠠᠷᠠᠰᠠᠯᠲᠤ ᠬᠡᠷᠡᠭ ᠲᠤ ᠪᠡᠶ᠎ᠡ ᠦᠷᠡᠭᠳᠡᠭᠰᠡᠨ ᠪᠠᠭᠠᠲᠤᠷᠴᠤᠳ ᠤᠨ ᠨᠡᠷᠡᠰ ᠢ ᠲᠡᠮᠲᠡᠭᠯᠡᠭᠡᠰᠦᠲᠡᠢ᠃ ᠨᠡᠷᠡᠰ ᠤᠨ | ᠨᠢᠭᠡᠳᠦᠭᠡᠷ ᠲᠤ ᠯᠢᠨ ᠰᠢᠶᠠᠩ ᠴᠢᠶᠠᠨ ᠵᠢᠭᠰᠠᠭᠠᠭᠳᠠᠪᠠ᠃1923 ᠣᠨ ᠤ 2 ᠰᠠᠷ᠎ᠠ ᠶᠢᠨ 7 ᠤ ᠡᠳᠦᠷ᠂ | ᠴᠡᠷᠢᠭ ᠤᠨ ᠡᠷᠬᠡᠲᠡᠨ ᠠᠴᠠ ᠵᠢᠩ ᠬᠠᠨ ᠲᠡᠮᠦᠷ ᠵᠠᠮ ᠤᠨ ᠶᠡᠭᠡ ᠠᠵᠢᠯ ᠬᠠᠶᠠᠯᠲᠠ ᠳᠤ ᠣᠷᠤᠯᠴᠠᠭᠰᠠᠨ ᠠᠵᠢᠯᠴᠢᠳ ᠢ | ᠭᠠᠯᠵᠠᠭᠤᠷᠠᠭᠰᠠᠨ ᠮᠡᠲᠦ ᠳᠠᠷᠤᠩᠭᠤᠶᠢᠯᠠᠪᠠ᠃ | ᠮᠦᠷᠡᠨ ᠤ ᠡᠷᠭᠢ ᠶᠢᠨ ᠠᠵᠢᠯ ᠤᠨ ᠬᠤᠪᠢᠶᠠᠷᠢ ᠬᠤᠷᠠᠯ ᠤᠨ ᠬᠤᠷᠢᠶᠠᠨ ᠳᠠᠷᠤᠭ᠎ᠠ ᠪᠠᠶᠢᠭᠰᠠᠨ ᠯᠢᠨ ᠰᠢᠶᠠᠩ | ᠴᠢᠶᠠᠨ ᠪᠠᠷᠢᠪᠴᠢᠯᠠᠭᠳᠠᠭᠰᠠᠨ ᠤ ᠳᠠᠷᠠᠭ᠎ᠠ᠂ ᠳᠠᠶᠢᠰᠤᠨ ᠤ ᠠᠵᠢᠯ ᠰᠡᠷᠭᠦᠭᠡᠬᠦ ᠵᠠᠷᠯᠢᠭ ᠢ ᠲᠡᠪᠴᠢᠵᠦ᠂ ᠡᠷᠡᠯᠬᠡᠭ ᠢᠶᠠᠷ | ᠪᠡᠶ᠎ᠡ ᠦᠷᠡᠭᠳᠡᠪᠡ᠃ ᠲᠤᠬᠠᠢ ᠶᠢᠨ ᠥᠶ᠎ᠡ ᠳᠤ ᠲᠡᠷᠡ ᠰᠠᠶ᠋ᠢ 31 ᠨᠠᠰᠤᠲᠠᠢ᠃ ᠳᠤᠮᠳᠠᠳᠤ ᠤᠯᠤᠰ ᠤᠨ ᠡᠪ ᠬᠠᠮᠲᠤ | ᠨᠠᠮ ᠪᠠᠶᠢᠭᠤᠯᠤᠭᠳᠠᠭᠰᠠᠨ ᠠᠴᠠ ᠨᠠᠭᠠᠰᠢ᠂ ᠤᠷᠢᠳ ᠬᠤᠵᠢᠳ ᠪᠠᠷᠤᠭ 2000 ᠭᠠᠷᠤᠢ ᠲᠥᠮᠡᠨ ᠦᠷᠡᠭᠳᠡᠭᠰᠡᠨ | ᠪᠠᠭᠠᠲᠤᠷᠴᠤᠳ ᠳᠤᠮᠳᠠᠳᠤ ᠤᠯᠤᠰ ᠤᠨ ᠬᠤᠪᠢᠰᠬᠠᠯ ᠪᠣᠯᠤᠨ ᠪᠦᠲᠦᠭᠡᠨ ᠪᠠᠶᠢᠭᠤᠯᠤᠯᠲᠠ ᠶᠢᠨ ᠦᠢᠯᠡᠰ ᠤᠨ ᠲᠥᠯᠦᠭᠡ | ᠥᠪᠡᠷ ᠤᠨ ᠡᠷᠬᠢᠮ ᠨᠠᠨᠳᠢᠨ ᠠᠮᠢ ᠨᠠᠰᠤ ᠪᠠᠨ ᠵᠣᠷᠢᠭᠤᠯᠤᠭᠰᠠᠨ ᠶᠤᠮ᠃ ᠡᠭᠦᠨ ᠳᠤ᠂ ᠲᠡᠥᠬᠡᠨ ᠳᠤ ᠲᠡᠮᠲᠡᠭᠯᠡᠭᠰᠡᠨ᠂ | ᠪᠠᠭᠠᠲᠤᠷᠯᠢᠭ ᠢᠶᠠᠷ ᠪᠡᠶ᠎ᠡ ᠦᠷᠡᠭᠳᠡᠭᠰᠡᠨ ᠠᠩᠬᠠᠳᠠᠭᠴᠢ ᠡᠪ ᠬᠠᠮᠲᠤ ᠨᠠᠮ ᠤᠨ ᠭᠡᠰᠢᠭᠦᠨ ᠪᠣᠯ ᠳᠠᠷᠤᠢ ᠯᠢᠨ ᠰᠢᠶᠠᠩ | ᠴᠢᠶᠠᠨ ᠪᠣᠯᠤᠨ᠎ᠠ᠃ | ︵ᠰᠡᠴᠡᠨᠲᠤᠩᠭᠠᠯᠠᠭ ᠡᠮᠬᠢᠳᠭᠡᠨ ᠨᠠᠶᠢᠷᠠᠭᠤᠯᠪᠠ︶ |