| | ᠠᠷᠠᠳ ᠲᠦᠮᠡᠨ ᠤ ᠤᠷᠳᠤ ᠬᠤᠭᠤᠴᠠᠭᠠᠨ ᠤ ᠠᠮᠢᠳᠤᠷᠠᠯ ᠦᠢᠯᠡᠳᠪᠦᠷᠢᠯᠡᠯ ᠤᠨ ᠦᠢᠯᠡᠳᠦᠯᠭᠡ ᠳᠤᠮᠳᠠ ᠡᠭᠦᠳᠦᠨ | ᠪᠦᠲᠦᠭᠡᠭᠰᠡᠨ ᠪᠣᠳᠠᠰ ᠤᠨ ᠪᠤᠰᠤ ᠰᠣᠶᠣᠯ ᠤᠨ ᠥᠪ ᠪᠤᠯᠬᠤ ᠡᠮᠡᠭᠡᠯ ᠨᠢ ᠳᠤᠮᠳᠠᠳᠤ ᠶᠢᠨ ᠦᠨᠳᠦᠰᠦᠲᠡᠨ ᠤ ᠤᠶᠤᠨ | ᠤᠬᠠᠭᠠᠨ ᠪᠣᠯᠣᠨ ᠰᠣᠶᠣᠯ ᠪᠣᠯᠪᠠᠰᠤᠨ ᠤ ᠲᠠᠯᠠᠰᠲᠤ ᠶᠤᠮ᠃ ᠡᠮᠡᠭᠡᠯ ᠨᠢ ᠤᠨᠤᠭ᠎ᠠ ᠠᠴᠢᠶᠠᠯᠠᠭ᠎ᠠ ᠶᠢᠨ ᠮᠣᠷᠢ ᠮᠠᠯ ᠳᠤ | ᠲᠣᠬᠤᠳᠠᠭ ᠪᠦᠭᠦᠷᠭᠡ ᠬᠠᠪᠲᠠᠰᠤ᠂ ᠭᠥᠯᠢᠮ ᠵᠡᠷᠭᠡ ᠳᠤᠨᠤᠭ ᠢᠶᠠᠷ ᠪᠦᠷᠢᠳᠦᠭᠰᠡᠨ ᠬᠡᠷᠡᠭᠯᠡᠯ ᠪᠣᠯᠣᠨ᠎ᠠ᠃ ᠡᠮᠡᠭᠡᠯ ᠨᠢ | ᠮᠣᠷᠢ ᠤᠨᠤᠬᠤ ᠬᠥᠮᠥᠨ ᠤ ᠬᠠᠮᠤᠭ ᠤᠨ ᠲᠣᠬᠢᠷᠠᠮᠵᠢᠲᠠᠢ ᠰᠠᠭᠤᠳᠠᠯ ᠪᠥᠭᠡᠳ ᠮᠣᠷᠢᠨ ᠤ ᠨᠢᠷᠤᠭᠤᠨ ᠳᠤ ᠬᠦᠨᠳᠦ ᠶᠢᠨ | ᠳᠠᠷᠤᠯᠲᠠ ᠶᠢ ᠵᠢᠭᠳᠡ ᠬᠤᠪᠢᠶᠠᠷᠢᠯᠠᠬᠤ ᠵᠣᠷᠢᠭᠤᠯᠤᠯᠲᠠ ᠪᠦᠬᠦᠢ ᠬᠡᠷᠡᠭᠯᠡᠯ ᠶᠤᠮ᠃ | ᠡᠮᠡᠭᠡᠯ ᠤᠨ ᠳᠦᠷᠦᠯ ᠵᠦᠢᠯ | ᠮᠣᠩᠭᠤᠯᠴᠤᠳ ᠤᠨ ᠡᠮᠡᠭᠡᠯ ᠳᠤ ᠴᠣᠯ ᠮᠥᠩᠭᠦᠨ ᠡᠮᠡᠭᠡᠯ᠂ ᠭᠦᠭᠡᠮᠡᠯ ᠮᠥᠩᠭᠦᠨ ᠡᠮᠡᠭᠡᠯ᠂ ᠰᠢᠷᠳᠡᠮᠡᠯ ᠮᠥᠩᠭᠦᠨ | ᠡᠮᠡᠭᠡᠯ᠂ ᠭᠠᠤᠯᠢᠨ ᠡᠮᠡᠭᠡᠯ᠂ ᠵᠢᠩ ᠲᠠᠢ ᠯᠠᠨ ᠡᠮᠡᠭᠡᠯ ᠵᠡᠷᠭᠡ ᠪᠠᠶᠢᠳᠠᠭ᠃ | ᠡᠮᠡᠭᠡᠯ ᠢ ᠡᠳ᠋ᠯᠡᠭᠡᠨ ᠤ ᠬᠤᠪᠢ ᠳᠤ ᠤᠨᠤᠭ᠎ᠠ ᠶᠢᠨ᠂ ᠠᠴᠢᠶᠠᠨ ᠤ᠂ ᠤᠷᠤᠯᠳᠤᠭᠠᠨ ᠤ᠂ ᠶᠣᠰᠣᠯᠠᠯ ᠨᠠᠶᠢᠷ ᠤᠨ | ᠭᠡᠵᠦ ᠬᠡᠳᠦᠨ ᠵᠦᠢᠯ ᠳᠤ ᠠᠩᠭᠢᠯᠠᠵᠤ ᠪᠣᠯᠣᠨ᠎ᠠ᠃ | ᠤᠨᠤᠬᠤ ᠬᠥᠮᠥᠨ ᠤ ᠬᠡᠷᠡᠭᠴᠡᠭᠡ ᠶᠢ ᠦᠨᠳᠦᠰᠦᠯᠡᠵᠦ ᠶᠡᠷᠦ ᠶᠢᠨ ᠣᠨᠤᠭᠠᠨ ᠤ ︵ᠡᠷᠡᠭᠲᠡᠶᠢᠴᠦᠳ ᠤᠨ᠂ | ᠬᠡᠦᠬᠡᠳ ᠤᠨ᠂ ᠡᠮᠡᠭᠲᠡᠶᠢᠴᠦᠳ ᠤᠨ︶᠂ ᠬᠤᠷᠳᠤᠨ ᠮᠣᠷᠢᠨ ᠤ᠂ ᠴᠡᠷᠢᠭ ᠡᠷ᠎ᠡ ᠶᠢᠨ ᠭᠡᠬᠦ ᠮᠡᠲᠦ ᠪᠠᠷ ᠢᠯᠭᠠᠵᠤ | ᠪᠣᠯᠣᠨ᠎ᠠ᠃ | ᠪᠠᠰᠠ ᠡᠮᠡᠭᠡᠯᠴᠢ ᠶᠢᠨ ᠨᠡᠷ᠎ᠡ ᠪᠠᠷ ᠨᠡᠷᠡᠯᠡᠭᠳᠡᠭᠰᠡᠨ ᠰᠠᠮᠪᠤᠤ ᠡᠮᠡᠭᠡᠯ᠂ ᠣᠪᠣᠭ ᠠᠶᠢᠮᠠᠭ ᠤᠨ ᠨᠡᠷ᠎ᠡ ᠪᠠᠷ | ᠨᠡᠷᠡᠯᠡᠭᠳᠡᠭᠰᠡᠨ ᠳᠠᠷᠬᠠᠳ ᠡᠮᠡᠭᠡᠯ᠂ ᠪᠣᠷᠵᠢᠭᠢᠨ ᠡᠮᠡᠭᠡᠯ᠂ ᠤᠷᠢᠶᠠᠩᠬᠠᠢ ᠡᠮᠡᠭᠡᠯ᠂ ᠪᠤᠷᠢᠶᠠᠳ ᠡᠮᠡᠭᠡᠯ᠂ ᠦᠵᠦᠮᠦᠴᠢᠨ | ᠡᠮᠡᠭᠡᠯ᠂ ᠣᠶᠢᠷᠠᠳ ᠡᠮᠡᠭᠡᠯ ᠭᠡᠵᠦ ᠢᠯᠭᠠᠨ᠎ᠠ᠃ | | | | ᠥᠪᠥᠷ ᠮᠣᠩᠭᠤᠯ ᠳᠤ ᠪᠠᠰᠠ ᠥᠷᠭᠡᠨ ᠪᠦᠭᠦᠷᠭᠡ ᠲᠠᠢ ᠠᠭᠤᠵᠢᠮ ᠰᠠᠭᠤᠳᠠᠯᠲᠤ ᠴᠠᠬᠠᠷ ᠡᠮᠡᠭᠡᠯ᠂ ᠥᠨᠳᠥᠷ | ᠪᠦᠭᠦᠷᠭᠡ ᠲᠠᠢ ᠪᠣᠰᠤᠭ᠎ᠠ ᠰᠠᠭᠤᠳᠠᠯᠲᠤ ᠦᠵᠦᠮᠦᠴᠢᠨ ᠡᠮᠡᠭᠡᠯ᠂ ᠭᠤᠵᠣᠭᠤᠷ ᠪᠦᠭᠦᠷᠭᠡ ᠲᠠᠢ ᠢᠪᠴᠤᠤ ᠰᠠᠭᠤᠳᠠᠯᠲᠤ | ᠬᠤᠷᠴᠢᠨ ᠡᠮᠡᠭᠡᠯ᠂ ᠡᠷᠲᠡᠨ ᠤ ᠵᠢᠭᠠᠰᠤᠨ ᠬᠠᠶᠢᠷᠰᠤᠲᠤ ᠰᠢᠶᠡᠨᠪᠧᠢ ᠡᠮᠡᠭᠡᠯ᠂ ᠪᠣᠭᠤᠨᠢ ᠪᠦᠭᠦᠷᠭᠡ ᠲᠠᠢ ᠠᠭᠤᠵᠢᠮ | ᠰᠠᠭᠤᠳᠠᠯᠲᠤ ᠡᠮᠡᠭᠡᠯ ︵ᠬᠤᠴᠠᠨ ᠪᠦᠭᠦᠷᠭᠡᠳᠦ ᠡᠮᠡᠭᠡᠯ︶᠂ ᠦᠵᠦᠭᠦᠷ ᠵᠦᠭ ᠢᠶᠠᠨ ᠱᠣᠪᠣᠭᠤᠷ ᠥᠨᠳᠥᠷ | ᠪᠦᠭᠦᠷᠭᠡᠲᠦ ᠡᠮᠡᠭᠡᠯ ︵ᠱᠣᠪᠣᠭᠤᠷ ᠪᠦᠭᠦᠷᠭᠡᠲᠦ ᠡᠮᠡᠭᠡᠯ︶᠂ ᠲᠠᠯᠪᠢᠭᠤᠷ ᠪᠦᠭᠦᠷᠭᠡᠳᠦ ᠡᠮᠡᠭᠡᠯ ︵ᠡᠪᠡᠭᠡᠯᠵᠢᠨ | ᠡᠮᠡᠭᠡᠯ︶ ᠭᠡᠬᠦ ᠮᠡᠲᠦ ᠪᠠᠶᠢᠳᠠᠭ᠃ ᠡᠷᠡᠭᠲᠡᠢ ᠬᠥᠮᠥᠨ ᠤ ᠣᠨᠣᠭᠠᠨ ᠤ ᠡᠮᠡᠭᠡᠯ ᠭᠤᠣᠯᠳᠠᠭᠤ ᠥᠷᠭᠡᠨ ᠰᠠᠭᠤᠳᠠᠯ ᠲᠠᠢ᠂ | ᠬᠡᠪᠲᠡᠭᠡ ᠪᠦᠭᠦᠷᠭᠡ ᠲᠠᠢ ᠪᠠᠶᠢᠵᠤ᠂ ᠡᠮᠡᠭᠲᠡᠢ ᠬᠥᠮᠥᠨ ᠤ ᠤᠨᠤᠭᠠᠨ ᠤ ᠡᠮᠡᠭᠡᠯ ᠬᠠᠪᠴᠢᠭ ᠰᠠᠭᠤᠳᠠᠯ ᠲᠠᠢ ᠪᠠᠶᠢᠳᠠᠭ᠃ | ᠡᠮᠡᠭᠡᠯ ᠤᠨ ᠵᠠᠭᠪᠤᠷ ᠮᠠᠶ᠋ᠢᠭ ᠨᠢ ᠳᠠᠭ᠎ᠠ ᠰᠢᠳᠦᠯᠡᠩ ᠳᠤ ᠳᠤᠬᠤᠬᠤ ᠳᠤ ᠵᠣᠷᠢᠭᠤᠯᠤᠭᠳᠠᠭᠰᠠᠨ ᠦᠶ᠎ᠡ ᠳᠤ ᠵᠢᠵᠢᠭ | ᠪᠥᠭᠡᠳ ᠬᠥᠩᠭᠡᠨ᠂ ᠪᠦᠳᠦᠭᠦᠨ ᠮᠣᠷᠢᠨ ᠳᠤ ᠳᠤᠬᠤᠬᠤ ᠦᠶ᠎ᠡ ᠳᠤ ᠯᠠᠪᠳᠠᠭᠤᠨ ᠪᠠᠲᠤ ᠪᠠᠶᠢᠬᠤ ᠶᠢ ᠡᠷᠭᠢᠮᠯᠡᠳᠡᠭ᠃ | | | | ᠡᠮᠡᠭᠡᠯ ᠤᠨ ᠪᠦᠲᠦᠴᠡ ᠪᠦᠷᠢᠯᠳᠦᠯ | ᠪᠦᠭᠦᠷᠭᠡ ᠬᠠᠪᠲᠠᠰᠤ | ᠮᠣᠩᠭᠤᠯ ᠡᠮᠡᠭᠡᠯ ᠤᠨ ᠶᠠᠰᠤ ᠮᠣᠳᠣ ᠶᠢ ᠡᠮᠦᠨ᠎ᠡ ᠬᠤᠶᠢᠨ᠎ᠠ ᠪᠦᠭᠦᠷᠭᠡ ᠭᠡᠵᠦ᠂ ᠳᠤᠮᠳᠠᠬᠢ ᠬᠡᠰᠡᠭ ᠮᠣᠳᠣ ᠶᠢ | ᠬᠠᠪᠲᠠᠰᠤ ᠭᠡᠳᠡᠭ᠃ ᠡᠮᠡᠭᠡᠯ ᠤᠨ ᠪᠦᠭᠦᠷᠭᠡ ᠶᠢᠨ ᠬᠥᠭᠵᠢᠵᠦ ᠢᠷᠡᠭᠰᠡᠨ ᠪᠠᠶᠢᠳᠠᠯ ᠢ ᠰᠢᠨᠵᠢᠯᠡᠪᠡᠯ ᠶᠡᠭᠡ ᠲᠥᠯᠥᠪ | ᠪᠣᠰᠤᠭ᠎ᠠ ᠠᠴᠠ ᠪᠠᠨ ᠨᠠᠮ ᠪᠣᠯᠵᠤ᠂ ᠳᠥᠷᠪᠡᠯᠵᠢᠨ ᠠᠴᠠ ᠪᠠᠨ ᠳᠤᠭᠤᠢ ᠪᠣᠯᠵᠤ᠂ ᠬᠤᠶᠠᠷ ᠪᠦᠭᠦᠷᠭᠡ ᠠᠳᠠᠯᠢᠬᠠᠨ | ᠥᠨᠳᠥᠷ ᠪᠠᠶᠢᠭᠰᠠᠨ ᠠᠴᠠ ᠪᠠᠨ ᠬᠤᠶᠢᠲᠤ ᠪᠦᠭᠦᠷᠭᠡ ᠨᠢ ᠪᠣᠭᠤᠨᠢᠬᠠᠨ ᠪᠣᠯᠵᠤ ᠬᠤᠪᠢᠷᠠᠭᠰᠠᠨ ᠪᠠᠶᠢᠨ᠎ᠠ᠃ ᠡᠮᠡᠭᠡᠯ ᠤᠨ | ᠬᠠᠪᠲᠠᠰᠤ ᠶᠡᠭᠡ ᠲᠥᠯᠥᠪ ᠤᠷᠳᠤ ᠪᠠᠶᠢᠭᠰᠠᠨ ᠠᠴᠠ ᠪᠠᠨ ᠪᠣᠭᠤᠨᠢ᠂ ᠥᠷᠭᠡᠨ ᠪᠠᠶᠢᠭᠰᠠᠨ ᠠᠴᠠ ᠪᠠᠨ ᠨᠠᠷᠢᠨ᠂ | ᠬᠦᠨᠳᠦ ᠵᠤᠵᠠᠭᠠᠨ ᠪᠠᠶᠢᠭᠰᠠᠨ ᠠᠴᠠ ᠪᠠᠨ ᠬᠥᠩᠭᠡᠨ ᠪᠣᠯᠵᠤ ᠬᠤᠪᠢᠷᠠᠵᠠᠢ᠃ | ᠡᠮᠡᠭᠡᠯ ᠤᠨ ᠬᠤᠶᠠᠷ ᠬᠠᠪᠲᠠᠰᠤᠨ ᠤ ᠤᠷᠳᠤ ᠨᠢ ᠳᠤᠮᠳᠠᠴᠢ ᠪᠠᠷ ᠳᠤᠰ ᠪᠦᠷᠢ 35 ᠠᠴᠠ 40 ᠰᠠᠨᠲ᠋ᠢᠮᠧᠲᠷ | ᠪᠠᠶᠢᠵᠤ᠂ ᠥᠷᠭᠡᠨ ᠨᠢ ᠮᠤᠬᠤᠷ ᠰᠥᠭᠦᠮ᠂ ᠬᠤᠭᠤᠷᠤᠨᠳᠤᠭᠢ ᠵᠠᠢ ᠨᠢ ᠤᠷᠢᠳᠠᠭᠤᠷ ᠢᠶᠠᠨ ᠮᠤᠬᠤᠷ ᠰᠥᠭᠦᠮ᠂ | ᠬᠤᠶᠢᠭᠤᠷ ᠢᠶᠠᠨ ᠲᠥᠭᠡ ᠬᠢᠷᠢ ᠲᠠᠢ᠃ ᠡᠮᠡᠭᠡᠯ ᠤᠨ ᠶᠠᠰᠤ ᠮᠣᠳᠣᠨ ᠤ ᠳᠦᠷᠦᠭᠡ ᠶᠢᠨ ᠰᠤᠷ ᠤᠷᠤᠭᠤᠯᠬᠤ ᠳᠦᠷᠦ | ᠨᠦᠬᠡ ᠬᠤᠶᠠᠷ ᠲᠠᠯ᠎ᠠ ᠳᠤ ᠳᠤᠰ ᠪᠦᠷᠢ ᠨᠢᠭᠡ᠂ ᠣᠯᠣᠩ ᠵᠢᠷᠢᠮ ᠤᠨ ᠤᠭᠴᠤᠷᠭ᠎ᠠ ᠪᠠᠬᠢᠯᠡᠬᠦ ᠨᠦᠬᠡ ᠳᠥᠷᠪᠡ᠂ | ᠣᠯᠣᠩᠴᠤᠭ ᠤᠨ ᠳᠠᠷᠤᠭᠤᠯᠭ᠎ᠠ ᠲᠣᠭᠲᠠᠭᠠᠬᠤ ᠨᠦᠬᠡ ᠳᠥᠷᠪᠡ᠂ ᠬᠤᠶᠠᠷ ᠬᠠᠪᠲᠠᠰᠤᠨ ᠤ ᠭᠠᠨᠵᠤᠭ᠎ᠠ ᠲᠠᠲᠠᠬᠤ | ᠨᠦᠬᠡ ᠨᠠᠢᠮᠠ ᠬᠢᠳᠡᠭ᠃ | ᠬᠠᠪᠴᠢᠭ ᠰᠠᠭᠤᠳᠠᠯ ᠲᠠᠢ ᠡᠮᠡᠭᠡᠯ ᠤᠨ ᠬᠤᠶᠠᠷ ᠪᠦᠭᠦᠷᠭᠡ ᠶᠢᠨ ᠣᠷᠣᠢ ᠶᠢᠨ ᠬᠤᠭᠤᠷᠤᠨᠳᠤᠭᠢ ᠵᠠᠢ 25 | ᠰᠠᠨᠲ᠋ᠢᠮᠧᠲᠷ᠂ ᠬᠠᠪᠲᠠᠰᠤᠨ ᠤ ᠤᠷᠳᠤ 36 ᠰᠠᠨᠲ᠋ᠢᠮᠧᠲᠷ ᠪᠠᠶᠢᠬᠤ ᠳᠤ᠂ ᠥᠷᠭᠡᠨ ᠰᠠᠭᠤᠳᠠᠯ ᠲᠠᠢ ᠡᠮᠡᠭᠡᠯ ᠤᠨ | ᠬᠠᠪᠲᠠᠰᠤ 40 ᠰᠠᠨᠲ᠋ᠢᠮᠧᠲᠷ᠂ ᠬᠤᠶᠠᠷ ᠪᠦᠭᠦᠷᠭᠡ ᠶᠢᠨ ᠣᠷᠣᠢ ᠶᠢᠨ ᠬᠤᠭᠤᠷᠤᠨᠳᠤᠭᠢ ᠵᠠᠢ 45 ᠰᠠᠨᠲ᠋ᠢᠮᠧᠲᠷ | ᠪᠠᠶᠢᠳᠠᠭ᠃ ᠶᠠᠰᠤ ᠮᠣᠳᠣ ᠶᠢ ᠬᠠᠳᠠᠭᠠᠰᠤ ᠪᠠᠷ ᠬᠠᠳᠠᠵᠦ᠂ ᠡᠯᠢᠭᠡᠨ ᠲᠠᠯ᠎ᠠ ᠳᠤ ᠠᠷᠠᠰᠤ ᠪᠠᠷ ᠨᠠᠭᠠᠪᠠᠯ ᠪᠦᠭᠡ | ᠪᠤᠯᠳᠠᠭ᠃ | ᠬᠢᠷ᠎ᠠ | ᠡᠮᠡᠭᠡᠯ ᠤᠨ ᠭᠦᠪᠡᠭᠡ ᠶᠢ ᠬᠢᠷ᠎ᠠ ᠭᠡᠳᠡᠭ᠃ ᠮᠥᠩᠭᠦ ᠭᠠᠤᠯᠢ ᠴᠠᠶᠢᠷ ᠵᠡᠷᠭᠡ ᠲᠡᠮᠦᠷᠯᠢᠭ ᠢᠶᠠᠷ ᠭᠦᠪᠡᠭᠡᠯᠡᠵᠦ ᠬᠢᠷ᠎ᠠ | ᠬᠢᠪᠡᠯ ᠪᠦᠭᠡ ᠪᠤᠯᠬᠤ ᠮᠥᠷᠲᠡᠭᠡᠨ ᠭᠤᠶᠤ ᠰᠠᠶᠢᠬᠠᠨ ᠬᠠᠷᠠᠭᠳᠠᠨ᠎ᠠ᠃ ᠡᠮᠡᠭᠡᠯ ᠤᠨ ᠬᠢᠷ᠎ᠠ ᠶᠢ ᠲᠡᠮᠡᠭᠡᠨ ᠶᠠᠰᠤ ᠪᠠᠷ ᠬᠢᠬᠦ | ᠠᠴᠠ ᠭᠠᠳᠠᠨ᠎ᠠ᠂ ᠮᠥᠩᠭᠦ ᠪᠠᠷ ᠬᠢᠬᠦ ᠨᠢ ᠤᠯᠠᠨ᠃ ᠲᠡᠭᠦᠨ ᠳᠡᠭᠡᠨ ᠠᠯᠤᠬ᠎ᠠ ᠬᠡ᠂ ᠤᠭᠠᠯᠵᠠ ᠬᠡ ᠵᠡᠷᠭᠡ ᠶᠢ | ᠰᠡᠶᠢᠯᠦᠨ ᠭᠤᠶᠣᠯᠠᠳᠠᠭ᠃ | ᠭᠠᠨᠵᠤᠭ᠎ᠠ | ᠭᠠᠨᠵᠤᠭ᠎ᠠ ᠨᠢ ᠤᠨᠤᠵᠦ ᠶᠠᠪᠤᠬᠤ ᠳᠠᠭᠠᠨ ᠡᠳ᠋ ᠬᠤᠭᠰᠢᠯ᠂ ᠠᠩ ᠭᠦᠷᠦᠭᠡ ᠪᠠᠨ ᠠᠴᠢᠬᠤ ᠶᠢᠨ ᠲᠥᠯᠥᠭᠡ | ᠤᠶᠠᠵᠤ ᠲᠣᠭᠲᠠᠭᠠᠬᠤ ᠲᠤᠰᠬᠠᠢ ᠤᠶᠠᠭ᠎ᠠ ᠪᠣᠯᠣᠨ᠎ᠠ᠃ ᠳᠡᠷᠡ ᠨᠢ ᠡᠮᠡᠭᠡᠯ ᠤᠨ ᠬᠠᠪᠲᠠᠰᠤᠨ ᠤ ᠡᠮᠦᠨ᠎ᠡ ᠬᠤᠶᠢᠨ᠎ᠠ᠂ | ᠵᠥᠪ ᠪᠤᠷᠤᠭᠤ ᠲᠠᠯ᠎ᠠ ᠳᠤ ᠲᠤᠰᠬᠠᠢ ᠵᠣᠬᠢᠶᠠᠭᠰᠠᠨ ᠰᠤᠷ ᠤᠶᠠᠭ᠎ᠠ ᠪᠣᠯᠣᠨ᠎ᠠ᠃ | ᠭᠠᠨᠵᠤᠭ᠎ᠠ ᠶᠢ ᠰᠤᠷ ᠢᠶᠠᠷ ᠬᠢᠳᠡᠭ᠃ ᠭᠠᠨᠵᠤᠭᠠᠨ ᠤ ᠰᠦᠪᠡᠭᠴᠢ ᠳᠤ ᠨᠡᠪᠴᠢᠨ ᠭᠡᠯᠪᠡᠷᠢ ᠲᠠᠢ ᠮᠥᠩᠭᠦ᠂ ᠭᠠᠤᠯᠢᠨ | ᠳᠠᠪᠠᠭ ᠬᠢᠵᠦ ᠪᠠᠬᠢᠯᠡᠨ᠎ᠡ᠃ ᠡᠮᠡᠭᠡᠯ ᠤᠨ ᠭᠠᠨᠵᠤᠭ᠎ᠠ ᠶᠢ ᠴᠥᠭᠡᠨ ᠳᠡᠭᠡᠨ ᠠᠷᠪᠠᠨ ᠵᠢᠷᠭᠤᠭ᠎ᠠ ᠤᠯᠠᠨ ᠳᠠᠭᠠᠨ ᠭᠤᠴᠢᠨ | ᠳᠥᠷᠪᠡ ᠬᠢᠳᠡᠭ᠃ ᠭᠠᠨᠵᠤᠭ᠎ᠠ ᠶᠢ ᠰᠦᠪᠡᠶᠢᠳᠡᠯᠡ ᠰᠠᠶᠢᠬᠠᠨ ᠬᠢᠪᠡᠯ ᠡᠮᠡᠭᠡᠯ ᠤᠨ ᠥᠩᠭᠡ ᠦᠵᠡᠮᠵᠢ ᠶᠢ ᠭᠤᠶᠤ | ᠪᠤᠯᠭᠠᠬᠤ ᠶᠢᠨ ᠬᠠᠮᠲᠤ ᠤᠯᠠᠨ ᠬᠡᠷᠡᠭᠴᠡᠭᠡᠨ ᠳᠤ ᠵᠣᠬᠢᠴᠠᠳᠠᠭ᠃ | ᠣᠯᠣᠩ | ᠣᠯᠣᠩ ︵ᠵᠠᠷᠢᠮ ᠭᠠᠵᠠᠷ ᠲᠤ ᠣᠯᠣᠮ ᠭᠡᠳᠡᠭ︶ ᠪᠣᠯ ᠮᠣᠷᠢᠨ ᠤ ᠡᠮᠡᠭᠡᠯ ᠢ ᠲᠣᠭᠲᠠᠭᠠᠬᠤ ᠴᠢᠬᠤᠯᠠ ᠤᠶᠠᠭ᠎ᠠ | ᠪᠤᠯᠬᠤ ᠶᠢᠨ ᠬᠠᠮᠲᠤ᠂ ᠮᠣᠷᠢᠨ ᠤ ᠭᠡᠳᠡᠰᠦ ᠬᠤᠯᠭᠤᠵᠤ ᠤᠯᠠᠶᠢᠷᠠᠨ ᠴᠢᠪᠴᠢᠷᠬᠤ ᠠᠴᠠ ᠬᠠᠮᠠᠭᠠᠯᠠᠬᠤ ᠲᠤᠯᠠ ᠠᠯᠢ | ᠪᠤᠯᠬᠤ ᠪᠠᠷ ᠥᠷᠭᠡᠨ ᠬᠠᠪᠲᠠᠭᠠᠢ ᠬᠢᠬᠦ ᠶᠢ ᠵᠣᠷᠢᠳᠠᠭ ᠪᠥᠭᠡᠳ ᠥᠷᠭᠡᠨ ᠠᠳᠤᠭᠤᠨ ᠤ ᠭᠦᠭᠡᠪᠤᠷ᠂ ᠳᠡᠯ ᠰᠡᠭᠦᠯ ᠤᠨ | ᠬᠢᠯᠭᠠᠰᠤ ᠶᠢ ᠪᠤᠰᠤᠳ ᠨᠣᠣᠰᠣ ᠲᠠᠢ ᠬᠤᠯᠢᠨ ᠲᠠᠮᠤᠵᠤ ᠬᠡᠷᠡᠭᠯᠡᠨ᠎ᠡ᠃ | ᠣᠯᠣᠩ ᠢ ᠠᠳᠤᠭᠤᠨ ᠤ ᠭᠦᠭᠡᠪᠤᠷ᠂ ᠲᠡᠮᠡᠭᠡᠨ ᠨᠣᠣᠰᠣ ᠪᠠᠷ ᠲᠠᠮᠤᠵᠤ᠂ ᠲᠡᠭᠦᠨ ᠢᠶᠠᠨ ᠵᠢᠷᠭᠤᠭ᠎ᠠ ᠪᠠᠷ | ᠡᠩᠨᠡᠭᠦᠯᠦᠨ ᠰᠢᠷᠢᠵᠦ ᠬᠢᠨ᠎ᠡ᠃ ᠲᠡᠭᠦᠨ ᠢ ᠶᠡᠭᠡ ᠲᠥᠯᠥᠪ 1.5 ᠮᠧᠲᠷ ᠤᠷᠳᠤ᠂ 3 ᠠᠴᠠ 4 ᠰᠠᠨᠲ᠋ᠢᠮᠧᠲᠷ | ᠥᠷᠭᠡᠨ ᠬᠢᠳᠡᠭ᠃ | ᠵᠢᠷᠢᠮ | ᠮᠣᠷᠢᠨ ᠤ ᠡᠮᠡᠭᠡᠯ ᠢ ᠲᠣᠭᠲᠠᠭᠠᠬᠤ ᠳᠤ ᠣᠯᠣᠮ ᠤᠨ ᠭᠤᠷᠬᠢ ᠳᠤ ᠬᠢᠵᠦ ᠳᠠᠳᠠᠨ ᠭᠤᠷᠬᠢᠯᠠᠬᠤ ᠬᠡᠷᠡᠭᠰᠡᠯ ᠢ ᠵᠢᠷᠢᠮ | ᠭᠡᠳᠡᠭ᠃ ᠵᠢᠷᠢᠮ ᠢ 4 ᠠᠴᠠ 8 ᠰᠢᠷᠬᠡᠭ ᠨᠠᠷᠢᠨ ᠰᠤᠷ ᠢᠶᠠᠷ ᠭᠦᠷᠦᠵᠦ ᠬᠢᠨ᠎ᠡ᠃ ᠤᠷᠢᠲᠠᠢ ᠵᠢᠷᠢᠮ ᠨᠢ 40 | ᠰᠠᠨᠲ᠋ᠢᠮᠧᠲᠷ ᠤᠷᠳᠤ ᠪᠠᠶᠢᠵᠤ᠂ ᠬᠤᠶᠢᠲᠠᠢ ᠵᠢᠷᠢᠮ ᠨᠢ 50 ᠰᠠᠨᠲ᠋ᠢᠮᠧᠲᠷ ᠬᠢᠷᠢ ᠤᠷᠳᠤ ᠪᠠᠶᠢᠳᠠᠭ᠃ ᠵᠢᠷᠢᠮ ᠢ | ᠵᠥᠭᠡᠯᠡᠨ ᠪᠠᠶᠢᠯᠭᠠᠬᠤ ᠶᠢᠨ ᠲᠤᠰᠠᠳᠠ ᠮᠥᠨ ᠬᠠᠪᠲᠠᠭᠠᠢ ᠬᠢᠬᠦ ᠶᠢ ᠵᠣᠷᠢᠳᠠᠭ᠃ | ᠬᠥᠮᠥᠯᠳᠥᠷᠭᠡ | ᠬᠥᠮᠥᠯᠳᠥᠷᠭᠡ ᠭᠡᠳᠡᠭ ᠨᠢ ᠡᠮᠡᠭᠡᠯ ᠢ ᠬᠤᠶᠢᠰᠢ ᠶᠠᠪᠤᠭᠤᠯᠬᠤ ᠦᠭᠡᠢ ᠶᠢᠨ ᠲᠥᠯᠥᠭᠡ ᠬᠠᠪᠲᠠᠰᠤᠨ ᠤ ᠡᠮᠦᠨ᠎ᠡ | ᠪᠠᠭᠠᠪᠤᠷ ᠠᠴᠠ ᠮᠣᠷᠢᠨ ᠤ ᠴᠡᠭᠡᠵᠢ᠂ ᠣᠮᠣᠷᠤᠤ ᠶᠢ ᠳᠠᠭᠠᠭᠤᠯᠤᠨ ᠪᠦᠰᠡᠯᠡᠬᠦ ᠪᠦᠰᠡ ᠶᠢ ᠵᠢᠭᠠᠨ᠎ᠠ᠃ ᠲᠡᠭᠦᠨ ᠢ | ᠥᠷᠭᠡᠨ ᠠᠷᠠᠰᠤ ᠪᠤᠶᠤ ᠪᠤᠯᠢᠭᠠᠷᠢ ᠰᠤᠷ ᠢᠶᠠᠷ ᠬᠢᠵᠦ ᠪᠠᠬᠢᠯᠡᠳᠡᠭ᠃ ᠵᠠᠷᠢᠮ ᠨᠢ ᠵᠢᠵᠢᠭ ᠬᠤᠨᠭ᠍ᠬᠤ ᠳᠡᠭᠦᠵᠢᠯᠡᠨ | ᠴᠢᠮᠡᠬᠦ᠂ ᠡᠰᠡᠬᠦᠯ᠎ᠡ ᠤᠯᠠᠭᠠᠨ ᠶᠠᠭᠠᠨ ᠭᠬᠢᠪ ᠰᠠᠴᠤᠭ ᠵᠡᠭᠦᠯᠭᠡᠨ ᠮᠣᠨᠴᠤᠭ ᠬᠠᠳᠠᠵᠦ ᠭᠤᠶᠣᠯᠠᠨ ᠴᠢᠮᠡᠳᠡᠭ᠃ | ᠬᠤᠳᠠᠷᠭ᠎ᠠ | ᠡᠮᠡᠭᠡᠯ ᠢ ᠤᠷᠤᠭᠰᠢ ᠶᠠᠪᠤᠭᠤᠯᠬᠤ ᠦᠭᠡᠢ ᠶᠢᠨ ᠲᠤᠯᠠ ᠮᠣᠷᠢᠨ ᠤ ᠭᠤᠶ᠎ᠠ ᠶᠢ ᠳᠠᠭᠠᠭᠤᠯᠤᠨ ᠡᠮᠡᠭᠡᠯ ᠤᠨ ᠬᠤᠶᠢᠲᠤ | ᠬᠠᠪᠲᠠᠰᠤᠨ ᠤ ᠪᠠᠭᠠᠪᠤᠷ ᠠᠴᠠ ᠣᠭᠤᠰᠣᠷᠯᠠᠨ ᠪᠦᠰᠡᠯᠡᠬᠦ ᠪᠦᠰᠡ ᠶᠢ ᠬᠤᠳᠠᠷᠭ᠎ᠠ ᠭᠡᠨ᠎ᠡ᠂ ᠲᠡᠭᠦᠨ ᠢ ᠥᠷᠭᠡᠨ ᠰᠤᠷ᠂ | ᠪᠤᠯᠢᠭᠠᠷᠢ ᠪᠠᠷ ᠬᠢᠳᠡᠭ᠂ ᠵᠠᠷᠢᠮ ᠳᠤᠨᠢ ᠮᠥᠩᠭᠦ ᠭᠠᠤᠯᠢᠨ ᠲᠣᠪᠣᠷᠤᠤ᠂ ᠬᠠᠰ᠂ ᠵᠢᠩ ᠲᠠᠢ ᠯᠠᠨ ᠬᠠᠳᠠᠵᠦ | ᠴᠢᠮᠡᠭᠯᠡᠳᠡᠭ᠃ | ᠳᠠᠷᠤᠭᠤᠯᠭ᠎ᠠ | ᠡᠮᠡᠭᠡᠯ ᠤᠨ ᠰᠠᠭᠤᠳᠠᠯ ᠳᠤ ᠳᠡᠪᠰᠡ ᠶᠢ ᠳᠠᠷᠤᠭᠤᠯᠬᠤ ᠳᠠᠪᠠᠭ ᠢ ᠳᠠᠷᠤᠭᠤᠯᠭ᠎ᠠ ᠭᠡᠳᠡᠭ᠃ ᠲᠡᠭᠦᠨ ᠢ ᠮᠥᠩᠭᠦ᠂ | ᠭᠠᠤᠯᠢ᠂ ᠵᠢᠩ ᠲᠠᠢ ᠯᠠᠨ ᠢᠶᠠᠷ ᠴᠢᠳᠬᠤᠨ ᠬᠢᠳᠡᠭ᠃ ᠲᠡᠭᠦᠨ ᠳᠤ ᠡᠷᠪᠡᠬᠡᠢ᠂ ᠪᠠᠳᠮ᠎ᠠ ᠯᠢᠩᠬᠤ᠎ᠠ ᠴᠡᠴᠡᠭ᠂ | ᠪᠠᠭᠪᠠᠭᠠᠢ ᠵᠡᠷᠭᠡ ᠬᠡ ᠤᠷᠠᠯᠠᠯ ᠲᠠᠢ᠃ ᠬᠠᠮᠤᠭ ᠡᠩ ᠤᠨ ᠳᠠᠷᠤᠭᠤᠯᠭ᠎ᠠ ᠴᠣ᠋ ᠭᠡᠳ ᠮᠥᠩᠭᠦᠨ ᠵᠣᠭᠤᠰ ᠮᠡᠲᠦ | ᠲᠣᠭᠤᠷᠢᠭ ᠬᠢᠴᠡᠲᠡᠢ ᠪᠠᠶᠢᠳᠠᠭ᠃ | ᠪᠠᠭᠠᠪᠤᠷ | ᠡᠮᠡᠭᠡᠯ ᠤᠨ ᠬᠠᠪᠲᠠᠰᠤᠨ ᠤ ᠬᠤᠶᠢᠲᠤ ᠬᠡᠰᠡᠭ ᠲᠤ ᠭᠠᠨᠵᠤᠭ᠎ᠠ᠂ ᠬᠤᠳᠠᠷᠭᠠᠨ ᠤ ᠤᠭ ᠲᠤ ᠬᠠᠳᠬᠤᠬᠤ ᠭᠤᠶᠤ | ᠬᠢᠴᠡᠲᠡᠢ ᠴᠢᠮᠡᠭ ᠢ ᠪᠠᠭᠠᠪᠤᠷ ᠭᠡᠳᠡᠭ᠂ ᠲᠡᠭᠦᠨ ᠢ ᠮᠥᠩᠭᠦ᠂ ᠭᠠᠤᠯᠢ᠂ ᠲᠡᠮᠦᠷ ᠴᠠᠶᠢᠷ ᠢᠶᠠᠷ ᠤᠷᠠᠯᠠᠨ ᠬᠢᠬᠦ ᠨᠢ | ᠤᠯᠠᠨ᠃ | ᠲᠣᠬᠤᠮ | ᠲᠣᠬᠤᠮ ᠨᠢ ᠭᠤᠣᠯᠳᠠᠭᠤ ᠵᠤᠵᠠᠭᠠᠨ ᠢᠰᠡᠭᠡᠢ ᠪᠠᠷ ᠬᠢᠵᠦ᠂ ᠮᠣᠷᠢᠨ ᠨᠢᠷᠤᠭᠤᠨ ᠤ ᠬᠥᠯᠥᠰᠦ ᠶᠢ ᠰᠢᠩᠭᠡᠭᠡᠬᠦ ᠳᠤ | ᠵᠣᠷᠢᠭᠤᠯᠤᠨ᠎ᠠ᠃ ᠲᠣᠬᠤᠮ ᠤᠨ ᠥᠷᠭᠡᠨ ᠨᠢ 43 ᠠᠴᠠ 45 ᠰᠠᠨᠲ᠋ᠢᠮᠧᠲᠷ᠂ ᠤᠷᠳᠤ ᠨᠢ 50 ᠠᠴᠠ 60 | ᠰᠠᠨᠲ᠋ᠢᠮᠧᠲᠷ᠂ ᠵᠤᠵᠠᠭᠠᠨ ᠨᠢ 2 ᠰᠠᠨᠲ᠋ᠢᠮᠧᠲᠷ᠂ ᠲᠣᠬᠤᠮ ᠢ ᠪᠥᠰ ᠢᠶᠠᠷ ᠭᠦᠪᠡᠭᠡᠯᠡᠵᠦ᠂ ᠡᠮᠦᠨ᠎ᠡ ᠲᠠᠯ᠎ᠠ ᠳᠤᠨᠢ | ᠤᠯᠠᠭᠠᠨ ᠪᠥᠰ ᠢᠶᠠᠷ ᠲᠡᠮᠳᠡᠭ ᠲᠠᠯᠪᠢᠨ᠎ᠠ᠃ | ᠭᠥᠯᠢᠮ | ᠭᠥᠯᠢᠮ ᠢ ᠲᠣᠬᠤᠮ ᠤᠨ ᠳᠡᠭᠡᠷ᠎ᠡ᠂ ᠡᠮᠡᠭᠡᠯ ᠤᠨ ᠶᠠᠰᠤ ᠮᠣᠳᠣᠨ ᠤ ᠳᠣᠣᠷ᠎ᠠ ᠲᠠᠯᠪᠢᠳᠠᠭ᠃ ᠠᠷᠠᠰᠤ ᠰᠢᠷᠢ᠂ | ᠪᠤᠯᠢᠭᠠᠷᠢ᠂ ᠬᠡᠪᠢᠰ᠂ ᠴᠡᠮᠪᠡᠨ ᠲᠣᠷᠭ᠎ᠠ ᠵᠡᠷᠭᠡ ᠪᠠᠷ ᠬᠢᠳᠡᠭ᠃ | ᠳᠡᠪᠰᠡ | ᠡᠮᠡᠭᠡᠯ ᠤᠨ ᠶᠠᠰᠤ ᠮᠣᠳᠣ ᠶᠢ ᠬᠠᠮᠠᠭᠠᠯᠠᠨ ᠭᠤᠶᠣᠯᠠᠬᠤ ᠦᠢᠯᠡᠳᠦᠯ ᠲᠠᠢ ᠳᠡᠪᠢᠰᠬᠡᠷ ᠢ ᠵᠢᠭᠠᠨ᠎ᠠ᠃ ᠳᠡᠪᠰᠡ ᠶᠢ | ᠢᠰᠡᠭᠡᠢ ᠪᠠᠷ ᠭᠤᠣᠯᠴᠢᠯᠠᠨ ᠬᠢᠵᠦ᠂ ᠡᠮᠡᠭᠡᠯ ᠤᠨ ᠶᠠᠰᠤ ᠮᠣᠳᠣᠨ ᠤ ᠭᠠᠳᠠᠭᠤᠷ ᠪᠦᠷᠢᠨ᠎ᠡ᠃ ᠳᠡᠪᠰᠡ ᠶᠢᠨ ᠥᠩᠭᠡ | ᠶᠢ ᠡᠮᠡᠭᠡᠯ ᠤᠨ ᠪᠦᠭᠦᠷᠭᠡ ᠬᠠᠪᠲᠠᠰᠤᠨ ᠤ ᠥᠩᠭᠡ ᠲᠠᠢ ᠵᠣᠬᠢᠴᠠᠭᠤᠯᠤᠨ ᠦᠯᠦ ᠮᠡᠳᠡᠭᠳᠡᠮ᠎ᠡ ᠥᠩᠭᠡ ᠢᠯᠭᠠᠷᠠᠭᠤᠯᠪᠠᠯ | ᠪᠣᠯᠴᠢᠬᠠᠨ᠎ᠠ᠃ | ᠬᠠᠪᠴᠢᠭ | ᠳᠥᠷᠥᠭᠡᠨ ᠤ ᠰᠤᠷ ᠪᠠ ᠡᠮᠡᠭᠡᠯ ᠤᠨ ᠬᠠᠪᠲᠠᠰᠤ ᠶᠢ ᠳᠠᠷᠤᠳᠠᠭ ᠳᠤᠨᠤᠭ ᠢ ᠵᠢᠭᠠᠨ᠎ᠠ᠃ ᠬᠠᠯᠬᠠᠴᠤᠳ ᠳᠡᠪᠰᠡ | ᠭᠡᠳᠡᠭ᠃ ᠵᠠᠷᠢᠮ ᠣᠷᠣᠨ ᠳᠤ ᠪᠠᠰᠠ ᠬᠠᠶᠢᠳᠠᠭ ᠭᠥᠯᠢᠮ ᠭᠡᠨ᠎ᠡ᠃ ᠲᠡᠭᠦᠨ ᠢ ᠪᠤᠯᠢᠭᠠᠷᠢ᠂ ᠬᠡᠪᠢᠰ᠂ ᠰᠢᠷᠢ ᠵᠡᠷᠭᠡ ᠪᠠᠷ | ᠬᠢᠳᠡᠭ᠃ ᠲᠡᠭᠦᠨ ᠢ ᠡᠮᠡᠭᠡᠯ ᠤᠨ ᠬᠤᠶᠠᠷ ᠲᠠᠯ᠎ᠠ ᠶᠢᠨ ᠬᠠᠪᠲᠠᠰᠤᠨ ᠤ ᠳᠣᠣᠷ᠎ᠠ ᠠᠴᠠ ᠳᠣᠷᠣᠭᠰᠢ ᠤᠨᠵᠢᠭᠤᠯᠤᠨᠠ᠃ | ᠬᠠᠪᠴᠢᠭ ᠢ ᠬᠡ ᠤᠭᠠᠯᠵᠠ᠂ ᠴᠡᠴᠡᠭ ᠬᠤᠸᠠᠷ᠂ ᠪᠠᠭᠪᠠᠭᠠᠢ ᠮᠡᠲᠦ ᠶᠢᠨ ᠮᠣᠩᠭᠤᠯ ᠤᠷᠠᠯᠠᠯ ᠢᠶᠠᠷ ᠴᠢᠮᠡᠵᠦ᠂ ᠭᠦᠪᠡᠭᠡ | ᠶᠢ ᠨᠢ ᠭᠥᠯᠢᠮ ᠲᠠᠢ ᠠᠳᠠᠯᠢ ᠮᠥᠩᠭᠦᠨ ᠲᠣᠪᠣᠷᠤᠤ ᠪᠠᠷ ᠴᠢᠮᠡᠨ᠎ᠡ᠃ | ᠳᠦᠷᠦᠭᠡ | ᠮᠣᠩᠭᠤᠯᠴᠤᠳ ᠨᠠᠶᠢᠷ ᠨᠠᠭᠠᠳᠤᠮ᠂ ᠪᠠᠶᠠᠷ ᠬᠤᠷᠢᠮ ᠳᠤ ᠵᠣᠷᠢᠭᠤᠯᠤᠨ ᠭᠤᠶᠤ ᠬᠢᠴᠡ ᠲᠠᠢ ᠳᠦᠷᠦᠭᠡ ᠨᠦᠭᠦᠳ ᠢ | ᠬᠡᠷᠡᠭᠯᠡᠳᠡᠭ᠃ ᠡᠭᠦᠨ ᠳᠤ ᠭᠠᠩ ᠳᠦᠷᠦᠭᠡ᠂ ᠭᠠᠤᠯᠢᠨ ᠳᠦᠷᠦᠭᠡ᠂ ᠮᠥᠩᠭᠦᠨ ᠳᠦᠷᠦᠭᠡ ᠪᠠᠭᠲᠠᠨ᠎ᠠ᠃ ᠳᠦᠷᠦᠭᠡ | ᠨᠢ ᠰᠡᠨᠵᠢ᠂ ᠬᠠᠪᠢᠷᠭ᠎ᠠ᠂ ᠳᠥᠷᠥᠭᠡᠨ ᠲᠣᠯᠢ ︵ᠳᠠᠪᠠᠭ︶᠂ ᠳᠥᠷᠥᠭᠡᠨ ᠤ ᠵᠠᠭ᠎ᠠ ︵ᠳᠡᠭᠡᠳᠦ ᠤᠭᠠᠯᠵᠠ︶ ᠠᠴᠠ | ᠪᠦᠷᠢᠯᠳᠦᠵᠡᠢ᠃ | ᠮᠣᠩᠭᠤᠯᠴᠤᠳ ᠤᠨ ᠮᠣᠷᠢᠨ ᠡᠮᠡᠭᠡᠯ ᠨᠢ ᠬᠥᠩᠭᠡᠨ ᠳᠦᠭᠦᠮ ᠭᠡᠯᠪᠡᠷᠢ ᠶᠢᠨ ᠪᠠᠶᠢᠭᠰᠠᠨ ᠠᠴᠠ ᠪᠠᠨ ᠲᠦᠪᠡᠭ | ᠪᠤᠳᠤᠯᠢᠶᠠᠨᠲᠠᠢ ᠵᠦᠭ ᠬᠥᠭᠵᠢᠬᠦ ᠳᠡᠭᠡᠨ ᠵᠦᠪᠭᠡᠨ ᠬᠡᠷᠡᠭᠯᠡᠭᠡᠨ ᠤ ᠱᠠᠭᠠᠷᠳᠠᠯᠭ᠎ᠠ ᠲᠡᠳᠦᠢ ᠪᠢᠰᠢ ᠪᠣᠯᠵᠤ᠂ ᠬᠠᠷᠢᠨ | ᠤᠶᠤᠨ ᠤ ᠠᠮᠢᠳᠤᠷᠠᠯ ᠤᠨ ᠦᠨ᠎ᠡ ᠦᠷᠳᠡᠭ ᠨᠢ ᠤᠯᠠᠮ ᠢᠶᠠᠷ ᠨᠡᠮᠡᠭᠳᠡᠨ᠂ ᠡᠵᠡᠨ ᠤ ᠵᠠᠰᠠᠯ ᠴᠢᠮᠡᠭᠯᠡᠯ᠂ ᠡᠷᠦᠭᠡ | ᠭᠡᠷ ᠤᠨ ᠦᠨᠡᠲᠦ ᠬᠥᠷᠥᠩᠭᠡ ᠪᠣᠯᠤᠭᠰᠠᠨ ᠪᠠᠶᠢᠨ᠎ᠠ᠃ ᠶᠡᠷᠦ ᠨᠢ ᠮᠣᠩᠭᠤᠯ ᠡᠮᠡᠭᠡᠯ ᠪᠣᠯ ᠣᠷᠣᠨ ᠨᠤᠲᠤᠭ ᠤᠨ ᠡᠳ᠋ | ᠪᠠᠶᠠᠯᠢᠭ ᠪᠠ ᠡᠳ᠋ ᠡᠷᠳᠡᠨᠢᠰ ᠢᠶᠠᠷ ᠡᠬᠡ ᠮᠠᠲ᠋ᠧᠷᠢᠶᠠᠯ ᠪᠤᠯᠭᠠᠵᠦ ᠵᠠᠰᠠᠵᠤ ᠴᠢᠮᠡᠭᠯᠡᠭᠰᠡᠨ᠂ ᠤᠷ᠎ᠠ ᠮᠡᠷᠭᠡᠵᠢᠯ ᠤᠨ | ᠥᠨᠳᠥᠷ ᠲᠦᠪᠰᠢᠨ ᠲᠠᠢ ᠭᠠᠷ ᠤᠷᠠᠯᠠᠯ ᠤᠨ ᠭᠠᠶᠢᠬᠠᠮᠰᠢᠭᠲᠤ ᠪᠦᠲᠦᠭᠡᠯ ᠤᠨ ᠨᠢᠭᠡ ᠪᠤᠯᠬᠤ ᠶᠤᠮ᠃ ᠮᠣᠩᠭᠤᠯ | ᠡᠮᠡᠭᠡᠯ ᠨᠢ ᠬᠤᠳᠠ ᠬᠥᠳᠡᠭᠡ ᠶᠢᠨ ᠮᠣᠩᠭᠤᠯ ᠠᠶᠢᠯ ᠤᠨ ᠪᠡᠯᠭᠡ ᠳᠡᠮᠪᠡᠷᠢᠯ ᠲᠠᠢ ᠦᠨᠡᠲᠦ ᠴᠢᠮᠡᠭᠯᠡᠯ ᠤᠨ ᠨᠢᠭᠡ ᠪᠣᠯᠵᠤ | ᠡᠷᠬᠢᠮᠯᠡᠭᠳᠡᠵᠦ ᠪᠤᠢ᠃ |