ᠰᠢᠷᠡᠬᠡᠳᠦ ᠭᠦᠷᠢᠶ᠎ᠡ ᠬᠤᠰᠢᠭᠤᠨ ᠤ ᠲᠦᠢᠮᠦ ᠪᠠᠶᠢᠳᠠᠯ ︵ᠬᠤᠶᠡᠷ︶
ᠨᠡᠶᠢᠲᠡᠯᠡᠭᠰᠡᠨ ᠴᠠᠭ᠄
2024/1/8
                                                             ᠳ᠋᠊᠂ ᠡᠷᠳᠡᠮᠳᠦ    ᠬᠤᠶᠠᠷ᠂ ᠰᠢᠷᠡᠬᠡᠳᠦ ᠭᠦᠷᠢᠶ᠎ᠡ ᠬᠤᠰᠢᠭᠤ ᠡᠬᠢᠯᠡᠨ ᠲᠦᠯᠦᠪᠵᠢᠭᠰᠡᠨ ᠨᠢ    ᠨᠡᠶᠢᠳᠠ ᠶᠢᠨ ᠤᠨ ᠲᠤᠭᠠᠯᠠᠯ ᠤᠨ 1633 ᠤᠨ ᠳᠤ ᠰᠢᠷᠠᠪ ᠯᠠᠮᠠ ᠬᠤᠩ ᠲᠠᠶᠢᠵᠢ ᠠᠴᠠ ᠵᠦᠪᠰᠢᠶᠠᠷᠠᠯ ᠤᠯᠵᠦ᠂ ︽ᠭᠦᠷᠢᠶ᠎ᠡ︾ ᠳᠤ ᠢᠷᠡᠵᠦ ᠰᠦᠮ᠎ᠡ ᠬᠡᠶᠢᠳ ᠲᠤ ᠰᠠᠭᠤᠪᠠ᠃ ᠢᠩᠬᠡᠬᠡᠳ ᠠᠳᠡᠬᠢ ᠨᠤᠳᠤᠭ ᠤᠰᠤ ᠶᠢ ᠲᠦᠰᠢᠭᠯᠡᠨ ᠠᠵᠦ ᠲᠦᠷᠦᠵᠦ ᠪᠠᠶᠢᠭᠰᠠᠨ ᠮᠠᠯᠴᠢᠳ ᠰᠢᠷᠠᠪ ᠤᠨ ᠬᠠᠷᠢᠶᠠᠳᠦ ᠪᠤᠯᠵᠦ᠂ ᠲᠡᠭᠦᠨ ᠤ ᠨᠤᠮᠯᠠᠯ ᠢ ᠰᠤᠨᠤᠰᠤᠨ᠂ ᠲᠡᠭᠦᠨ ᠤ ᠵᠡᠬᠢᠷᠦᠯ ᠢ ᠲᠠᠭᠠᠬᠤ ᠪᠤᠯᠪᠠ᠃ 1635 ᠤᠨ ᠳᠤ ᠦᠪᠦᠷ ᠮᠤᠩᠭᠤᠯ ᠤᠨ ᠡᠯ᠎ᠡ ᠮᠤᠩᠭᠤᠯ ᠠᠶᠢᠮᠠᠭ ᠪᠦᠯᠦᠭ ᠠᠴᠠ 70 ᠨᠡᠷᠡᠰ ᠯᠠᠮᠠ ᠶᠢ ᠡᠯᠰᠡᠵᠦ᠂ ᠭᠦᠷᠢᠶ᠎ᠡ ᠶᠢᠨ ᠰᠦᠮ᠎ᠡ ᠬᠡᠶᠢᠳ ᠢ ᠲᠡᠭᠦᠯᠳᠡᠷᠵᠢᠭᠦᠯᠪᠡ᠃     1636 ᠤᠨ ᠳᠤ ᠰᠢᠷᠠᠪ ᠲᠡᠭᠷᠢ ᠳᠤ ᠬᠠᠯᠢᠭᠰᠠᠨ ᠤ ᠲᠠᠷᠠᠭ᠎ᠠ ᠲᠡᠭᠦᠨ ᠤ ᠲᠡᠭᠦᠦ ᠨᠠᠩᠰᠦ ᠶᠢ ᠰᠢᠷᠡᠬᠡᠳᠦ ᠲᠠᠷᠬᠠᠨ ᠴᠤᠷᠵᠢ ᠡᠷᠭᠦᠮᠵᠢᠯᠡᠨ᠂ ᠭᠦᠷᠢᠶ᠎ᠡ ᠶᠢᠨ ᠱᠠᠰᠢᠨ ᠤ ᠪᠦᠭᠦ ᠶᠠᠪᠤᠳᠠᠯ ᠢ ᠬᠠᠮᠢᠶᠠᠷᠤᠭᠤᠯᠪᠠ᠃ ᠡᠭᠦᠨ ᠤ ᠬᠠᠮᠳᠦ ᠲᠦᠷᠪᠡᠨ ᠵᠠᠰᠠᠭ᠂ ᠲᠦᠷᠪᠡᠨ ᠲᠡᠮᠴᠢ ᠲᠤᠮᠢᠯᠠᠵᠦ᠂ ᠱᠠᠰᠢᠨ ᠤ ᠬᠠᠮᠢᠶᠠᠷᠤᠯᠳᠠ ᠪᠠᠨ ᠴᠢᠩᠭᠠᠳᠬᠠᠵᠠᠢ᠃ ᠲᠤᠰ ᠵᠢᠯ  ᠳᠤ ᠭᠤᠪᠢ ᠶᠢᠨ ᠡᠮᠦᠨᠡᠬᠢ ᠮᠤᠩᠭᠤᠯ ᠠᠶᠢᠮᠠᠭ ᠠᠴᠠ ᠠᠷᠠᠳ ᠨᠡᠭᠦᠯᠬᠡᠵᠦ ᠭᠦᠷᠢᠶ᠎ᠡ ᠰᠦᠮ᠎ᠡ ᠶᠢᠨ ᠬᠠᠷᠢᠶᠠᠳᠦ ᠪᠤᠯᠭᠠᠪᠠ᠃ 1638 ᠤᠨ ᠳᠤ ᠦᠪᠦᠷ ᠮᠤᠩᠭᠤᠯ ᠤᠨ ᠡᠯ᠎ᠡ ᠮᠤᠩᠭᠤᠯ ᠬᠤᠰᠢᠭᠤ ᠠᠴᠠ ᠨᠡᠯᠢᠶᠡᠳ ᠲᠤᠭᠠᠨ ᠤ ᠡᠷᠦᠬᠡ ᠨᠡᠭᠦᠯᠬᠡᠵᠦ᠂ ᠭᠦᠷᠢᠶ᠎ᠡ ᠰᠦᠮ᠎ᠡ ᠶᠢᠨ ᠬᠠᠷᠢᠶᠠᠳᠦ ᠪᠤᠯᠭᠠᠪᠠ᠃    1646 ᠤᠨ ᠳᠤ ᠨᠠᠩᠰᠦ ᠨᠠᠰᠦ ᠨᠦᠭᠴᠢᠭᠰᠡᠨ ᠤ ᠲᠠᠷᠠᠭ᠎ᠠ᠂ ᠴᠢᠩ ᠤᠨ ᠵᠠᠰᠠᠭ ᠤᠨ ᠭᠠᠵᠠᠷ ᠠᠴᠠ ᠰᠢᠪᠵᠠ  ᠢ ᠲᠤᠮᠢᠯᠠᠨ ︽ᠨᠠᠶᠢᠰᠯᠠᠯ ᠤᠨ ᠰᠢᠷᠡᠬᠡᠳᠦ ᠭᠦᠷᠢᠶ᠎ᠡ ᠶᠢᠨ ᠵᠠᠰᠠᠭ ᠳ᠋ᠠ ᠯᠠᠮᠠ ᠶᠢᠨ ᠲᠠᠮᠠᠭ᠎ᠠ︾ ᠶᠢ ᠱᠠᠩᠨᠠᠨ᠂ ᠭᠦᠷᠢᠶ᠎ᠡ  ᠶᠢᠨ ᠵᠠᠰᠠᠭ ᠱᠠᠰᠢᠨ ᠢ ᠬᠠᠮᠳᠤᠷᠠᠭᠤᠯᠤᠨ ᠵᠠᠬᠢᠷᠤᠭᠤᠯᠪᠠ᠃     ᠡᠨᠡ ᠦᠶ᠎ᠡ ᠪᠤᠯᠵᠦ ᠢᠷᠡᠬᠡᠳ ᠭᠦᠷᠢᠶ᠎ᠡ ᠬᠤᠰᠢᠭᠤᠨ ᠤ ᠬᠠᠷᠢᠶ᠎ᠠ ᠬᠡᠪᠴᠢᠶ᠎ᠡ ᠦᠨᠳᠦᠰᠦᠨ ᠳᠡᠭᠡᠨ ᠲᠤᠭᠳᠠᠪᠤᠷᠢᠵᠢᠵᠦ᠂ ᠵᠠᠰᠠᠭ ᠱᠠᠰᠢᠨ ᠤᠶᠠᠯᠳᠤᠭᠰᠠᠨ ᠪᠠᠶᠢᠭᠤᠯᠤᠮᠵᠢ ᠡᠬᠢᠯᠡᠨ ᠪᠦᠷᠢᠯᠳᠦᠵᠦ᠂ ︽ᠰᠢᠷᠡᠬᠡᠳᠦ ᠭᠦᠷᠢᠶ᠎ᠡ ᠬᠤᠰᠢᠭᠤ︾ ᠬᠡᠵᠦ ᠲᠠᠭᠤᠳᠠᠭᠳᠠᠬᠤ ᠪᠤᠯᠪᠠ᠃     ᠲᠤᠬᠠᠢ ᠶᠢᠨ ᠦᠶ᠎ᠡ ᠰᠢᠷᠡᠬᠡᠳᠦ ᠭᠦᠷᠢᠶ᠎ᠡ ᠬᠤᠰᠢᠭᠤᠨ ᠤ ᠤᠷᠴᠢᠨ ᠲᠤᠭᠤᠷᠢᠨ ᠳᠤ ᠬᠤᠷᠴᠢᠨ ᠵᠡᠭᠦᠨ ᠭᠠᠷᠤᠨ ᠡᠮᠦᠨᠡᠳᠦ ᠬᠤᠰᠢᠭᠤ᠂ ᠨᠠᠢᠮᠠᠨ ᠬᠤᠰᠢᠭᠤ᠂ ᠲᠠᠩᠭᠤᠳ ᠤᠨ ᠬᠠᠯᠬ᠎ᠠ ᠬᠤᠰᠢᠭᠤ᠂ ᠬᠠᠯᠬ᠎ᠠ ᠶᠢᠨ ᠵᠡᠭᠦᠨ ᠭᠠᠷᠤᠨ ᠬᠤᠰᠢᠭᠤ ᠪᠠ ᠶᠠᠩᠰᠢᠪ ᠮᠠᠯᠵᠢᠯ ᠤᠨ ᠲᠠᠯᠠᠪᠠᠢ ᠪᠠᠷ ᠵᠠᠬ᠎ᠠ ᠨᠡᠶᠢᠯᠡᠵᠦ ᠪᠠᠶᠢᠪᠠ᠃ ᠪᠦᠭᠦ ᠬᠤᠰᠢᠭᠤᠨ ᠤ ᠨᠤᠳᠤᠭ ᠲᠡᠪᠢᠰᠬᠡᠷ ᠨᠢ ᠡᠮᠦᠨ᠎ᠡ ᠤᠮᠠᠷ᠎ᠠ ᠪᠠᠷ ᠢᠶᠠᠨ 70 ᠺᠢᠯᠤᠮᠧᠲᠷ᠂ ᠵᠡᠭᠦᠨ ᠪᠠᠷᠠᠭᠤᠨ ᠢᠶᠠᠷ ᠢᠶᠠᠨ 45 ᠺᠢᠯᠤᠮᠧᠲᠷ᠂ ᠪᠠᠷᠤᠭ 3150 ᠺᠦᠸᠠᠳ᠋ ᠺᠢᠯᠤᠮᠧᠲᠷ ᠲᠠᠯᠠᠪᠠᠢ ᠲᠠᠢ ᠵᠢᠵᠢᠭᠬᠡᠨ ᠬᠤᠰᠢᠭᠤ ᠪᠠᠶᠢᠪᠠ᠃      
   1931 ᠤᠨ ᠤ 3 ᠰᠠᠷ᠎ᠠ ᠶᠢᠨ 19 ᠤ ᠡᠳᠦᠷ ᠭᠤᠮᠢᠨᠳᠠᠩ ᠤᠨ ᠨᠠᠨᠵᠢᠩ ᠤᠨ ᠵᠠᠰᠠᠭ ᠤᠨ ᠤᠷᠳᠤᠨ ᠠᠴᠠ ︽ᠰᠢᠷᠡᠬᠡᠳᠦ ᠭᠦᠷᠢᠶ᠎ᠡ ᠬᠤᠰᠢᠭᠤᠨ ᠤ ᠵᠠᠰᠠᠭ ᠱᠠᠰᠢᠨ ᠢ ᠬᠤᠪᠢᠶᠠᠷᠢᠯᠠᠨ ᠵᠠᠰᠠᠬᠤ ᠠᠷᠭ᠎ᠠ︾ ᠶᠢ ᠨᠡᠶᠢᠳᠡᠯᠡᠪᠡ᠃    ᠲᠠᠮᠠᠢ ᠤᠳᠠᠯ ᠦᠬᠡᠢ ᠯᠤᠪᠰᠠᠩᠷᠢᠨᠴᠢᠨ ᠬᠠᠷ᠎ᠠ ᠭᠦᠮᠦᠨ ᠪᠤᠯᠵᠦ᠂ ︽ᠭᠦᠷᠢᠶ᠎ᠡ ᠬᠤᠰᠢᠭᠤᠨ ᠤ ᠬᠤᠰᠢᠭᠤᠨ ᠲᠠᠷᠤᠭ᠎ᠠ︾ ᠪᠤᠯᠤᠭᠠᠳ᠂ ᠱᠠᠰᠢᠨ ᠰᠢᠳᠦᠯᠬᠡ ᠶᠢᠨ ᠲᠡᠷᠢᠭᠦᠨ ᠯᠠᠮᠠ ᠶᠢᠨ ᠵᠡᠷᠬᠡ ᠶᠢ ᠪᠠᠨ ᠬᠠᠷᠴᠠᠭᠠᠢ ᠳᠤ ᠶᠡᠭᠦᠯᠡᠨ ᠦᠭᠴᠡᠢ᠃ ᠡᠭᠦᠨ ᠠᠴᠠ ᠬᠤᠶᠢᠰᠢ ︽ᠰᠢᠷᠡᠬᠡᠳᠦ ᠭᠦᠷᠢᠶ᠎ᠡ ᠬᠤᠰᠢᠭᠤ︾ ᠨᠢ ︽ᠭᠦᠷᠢᠶ᠎ᠡ ᠬᠤᠰᠢᠭᠤ︾ ᠪᠤᠯᠤᠭᠰᠠᠨ ᠪᠢᠯᠡ︕    ᠯᠤᠪᠰᠠᠩᠷᠢᠨᠴᠢᠨ ᠬᠤᠰᠢᠭᠤᠨ ᠤ ᠵᠤᠬᠢᠶᠠᠨ ᠪᠠᠶᠢᠭᠤᠯᠤᠯᠳᠠ ᠶᠢ ᠰᠡᠷᠭᠦᠬᠡᠨ᠂ ᠰᠤᠮᠤ ᠶᠢᠨ ᠪᠠᠶᠢᠭᠤᠯᠤᠮᠵᠢ ᠶᠢ ᠪᠠᠶᠢᠭᠤᠯᠵᠦ᠂ ᠵᠠᠩᠬᠢ᠂ ᠮᠠᠶᠢᠷᠠᠨ᠂ ᠵᠠᠯᠠᠨ ᠵᠡᠷᠬᠡ ᠲᠤᠰᠢᠶᠠᠯᠳᠠᠨ ᠲᠤᠮᠢᠯᠠᠨ ᠵᠠᠰᠠᠭ ᠵᠠᠬᠢᠷᠭᠠᠨ ᠤ ᠪᠠᠶᠢᠭᠤᠯᠤᠮᠵᠢ ᠪᠠᠨ ᠲᠡᠭᠦᠯᠳᠡᠷᠵᠢᠭᠦᠯᠵᠦ᠂ ᠬᠠᠮᠢᠶᠠᠷᠤᠯᠳᠠ ᠪᠠᠨ ᠴᠢᠩᠭᠠᠠᠳᠬᠠᠪᠠ᠃    ᠢᠩᠬᠡᠬᠡᠳ ᠰᠢᠷᠡᠬᠡᠳᠦ ᠭᠦᠷᠢᠶ᠎ᠡ ᠬᠤᠰᠢᠭᠤᠨ ᠤ ᠵᠠᠰᠠᠭ ᠱᠠᠰᠢᠨ ᠤᠶᠠᠯᠳᠤᠭᠰᠠᠨ 298 ᠵᠢᠯ ᠤᠨ ᠲᠡᠤᠬᠡ ᠡᠴᠤᠰᠯᠡᠪᠠ᠃ ᠬᠤᠶᠢᠨ᠎ᠠ ᠡᠮᠦᠨ᠎ᠡ ᠨᠠᠶᠢᠳᠠ 23 ᠨᠡᠷᠡᠰ ᠯᠠᠮᠠ ᠵᠠᠰᠠᠭ ᠪᠠᠷᠢᠪᠠ᠃    1. ᠰᠢᠷᠠᠪ  2. ᠨᠠᠩᠰᠦ  3. ᠰᠢᠪᠵᠠ  4. ᠵᠢᠮᠪᠠᠵᠠᠮᠰᠦ  5. ᠷᠤᠵᠠ  6. ᠵᠢᠬᠡ  7. ᠵᠠᠮᠢᠶᠠᠨᠳᠠᠨᠽᠠᠨ  8. ᠡᠷᠳᠡᠨᠢ  9. ᠶᠤᠨᠳᠤᠨᠰᠠᠩᠪᠤ  10. ᠠᠭᠸᠠᠩᠴᠤᠶᠢᠮᠪᠠᠯ  11. ᠲᠠᠩᠰᠠᠨᠪᠢᠯᠢᠭ᠌  12. ᠠᠭᠸᠠᠩᠵᠠᠮᠢᠶᠠᠨᠪᠠᠯᠰᠠᠩ  13. ᠷᠢᠨᠴᠢᠨᠰᠠᠩᠷᠤᠪ  14. ᠵᠠᠮᠢᠶᠠᠨᠳᠠᠨᠽᠠᠨᠵᠠᠮᠰᠦ  15. ᠲᠡᠮᠴᠡᠭᠶᠦ᠋ᠩᠷᠤᠪ  16. ᠯᠤᠪᠰᠠᠩᠰᠠᠩᠵᠢ  17. ᠵᠠᠪᠠᠴᠤᠶᠢᠵᠤᠩ  18. ᠯᠤᠪᠰᠠᠩᠫᠤᠷᠡᠯᠢᠨᠢᠮ᠎ᠠ  19. ᠳ᠋ᠢᠶ᠋ᠢᠪᠷᠤᠯᠧᠯᠤᠪᠰᠠᠩ  20. ᠯᠤᠪᠰᠠᠩᠪᠠᠯᠵᠤᠤᠷ  21. ᠯᠤᠪᠰᠠᠩᠷᠠᠰᠢ   ᠠᠭᠸᠠᠩᠪᠠᠯᠳᠠᠨ  23. ᠯᠤᠪᠰᠠᠩᠷᠢᠨᠴᠢᠨ
 
ᠢᠷᠡᠯᠲᠡ᠄ ᠭᠦᠷᠢᠶ᠎ᠡ ᠬᠤᠰᠢᠭᠤᠨ ᠤ ᠲᠡᠤᠬᠡ ᠰᠤᠶᠤᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号