ᠡᠷᠳᠡᠨ ᠤ ᠬᠦᠮᠦᠰ ᠪᠠᠶᠢᠭᠠᠯᠢ ᠶᠢᠨ ᠠᠯᠢᠪᠠ ᠠᠮᠢᠳᠠᠨ ᠪᠣᠳᠠᠰ ᠪᠦᠬᠦᠨ ᠨᠢ ᠪᠦᠷ ᠠᠮᠢ ᠲᠠᠢ ᠪᠣᠶᠣ ᠡᠵᠡᠳ | ᠰᠠᠬᠢᠭᠤᠰᠣ ᠲᠠᠢ ᠬᠡᠮᠡᠨ ᠦᠵᠡᠵᠦ ᠪᠠᠶᠢᠬᠰᠠᠨ ᠠᠴᠠ ᠪᠠᠶᠢᠭᠠᠯᠢ ᠶᠢᠷᠳᠢᠨᠴᠦ ᠳᠤ ᠲᠦᠭᠡᠮᠡᠯ ᠣᠷᠣᠰᠢᠬᠤ ᠭᠤᠣᠯ | ᠭᠤᠷᠤᠬ᠎ᠠ᠂ ᠨᠠᠭᠤᠷ ᠲᠠᠯᠠᠢ᠂ ᠪᠣᠯᠠᠬ ᠬᠤᠳᠳᠤᠬ ᠵᠡᠷᠭᠡ ᠶᠢ ᠴᠦ ᠠᠮᠢ ᠲᠠᠢ ᠪᠣᠶᠣ ᠡᠵᠡᠳ ᠰᠠᠬᠢᠭᠤᠰᠣ ᠲᠠᠢ ᠬᠡᠮᠡᠨ | ᠦᠵᠡᠵᠦ ᠣᠰᠣ ᠶᠢᠨ ᠰᠢᠳᠦᠯᠭᠡ ᠶᠢᠨ ᠠᠩᠬᠠᠨ ᠤ ᠬᠡᠯᠪᠡᠷᠢ ᠶᠢ ᠪᠣᠢ ᠪᠣᠯᠭᠠᠬᠰᠠᠨ ᠪᠠᠶᠢᠳᠠᠬ᠃ ᠬᠦᠮᠦᠨ | ᠲᠦᠷᠦᠯᠬᠢᠳᠡᠨ ᠤ ᠨᠡᠶᠢᠭᠡᠮ ᠪᠣᠢ ᠪᠣᠯᠵᠦ ᠬᠦᠭᠵᠢᠬᠦ ᠶᠢ ᠲᠠᠭᠠᠯᠳᠣᠨ ᠣᠰᠣ ᠶᠢᠨ ᠰᠢᠳᠦᠯᠭᠡ ᠨᠢ ᠣᠰᠣᠨ ᠤ ᠲᠣᠳᠣᠷᠠᠬᠢ | ᠠᠮᠢᠳᠠᠨ ᠤ ᠰᠢᠳᠦᠯᠭᠡ ᠶᠢᠨ ᠬᠡᠯᠪᠡᠷᠢ ᠪᠠᠷ ᠬᠤᠪᠢᠷᠠᠵᠦ᠂ ᠣᠰᠣ ᠶᠢ ᠯᠣᠣ ᠬᠠᠮᠢᠶᠠᠷᠳᠠᠬ ᠭᠡᠵᠦ ᠦᠵᠡᠬᠦ ᠪᠣᠯᠵᠠᠢ᠃ | ᠬᠤᠷᠴᠢᠨ ᠨᠣᠳᠤᠬ ᠨᠢ ᠮᠣᠩᠭᠤᠯ ᠲᠣᠭᠤᠷᠭᠠᠳᠠᠨ ᠤ ᠨᠢᠭᠡᠨ ᠰᠣᠳᠣᠨ ᠠᠶᠢᠮᠠᠬ ᠪᠣᠯᠣᠬᠰᠠᠨ ᠤ ᠬᠤᠪᠢ ᠳᠤ ᠣᠰᠣᠨ ᠤ | ᠡᠵᠡᠳ ᠰᠠᠬᠢᠭᠤᠰᠣ ᠶᠢ ᠮᠦᠨ ᠴᠦ ᠯᠣᠣ ᠬᠡᠮᠡᠨ ᠦᠵᠡᠵᠦ᠂ ᠯᠣᠣ ᠶᠢ ᠬᠤᠷ᠎ᠠ ᠪᠣᠷᠣᠭᠠᠨ᠂ ᠭᠤᠣᠯ ᠭᠤᠷᠤᠬ᠎ᠠ᠂ | ᠨᠠᠭᠤᠷ ᠲᠠᠯᠠᠢ᠂ ᠪᠣᠯᠠᠬ ᠱᠠᠩᠳᠠ ᠶᠢ ᠬᠠᠮᠢᠶᠠᠷᠬᠤ ᠯᠣᠣᠰ ᠤᠨ ᠡᠵᠡᠨ ᠬᠡᠮᠡᠵᠦ᠂ ᠯᠣᠣᠰ ᠲᠠᠬᠢᠬᠤ ᠨᠢ ᠬᠡᠷᠡᠭ | ᠲᠡᠭᠡᠷ᠎ᠡ ᠪᠠᠨ ᠣᠰᠣ ᠲᠠᠬᠢᠵᠦ ᠪᠠᠶᠢᠬᠤ ᠲᠠᠢ ᠠᠳᠠᠯᠢᠬᠠᠨ ᠪᠣᠯᠵᠠᠢ᠃ | ᠣᠰᠣᠨ ᠤ ᠰᠢᠳᠦᠯᠭᠡ ᠶᠢᠨ ᠡᠭᠦᠰᠦᠯ ᠬᠦᠭᠵᠢᠯ | ᠬᠦᠮᠦᠨ ᠲᠦᠷᠦᠯᠬᠢᠳᠡᠨ ᠣᠰᠣ ᠶᠢ ᠠᠯᠢ ᠡᠷᠳᠡᠨ ᠠᠴᠠ ᠠᠮᠢ ᠲᠠᠢ ᠬᠡᠮᠡᠨ ᠦᠵᠡᠵᠦ ᠰᠢᠳᠦᠵᠦ ᠲᠠᠬᠢᠵᠦ | ᠪᠠᠶᠢᠬᠰᠠᠨ ᠲᠣᠬᠠᠢ ᠦᠯᠢᠭᠡᠷ ᠵᠢᠱᠢᠶ᠎ᠡ ᠣᠯᠠᠮᠵᠢᠯᠠᠯᠳᠦ ᠵᠠᠩ ᠦᠢᠯᠡ ᠪᠣᠯᠣᠨ ᠦᠯᠢᠭᠡᠷ᠂ ᠲᠣᠮᠤᠬ᠂ ᠰᠢᠳᠢᠳᠦ | ᠦᠯᠢᠭᠡᠷ ᠵᠡᠷᠭᠡ ᠳᠤ ᠪᠠᠶᠢᠨ ᠲᠠᠬᠢᠨ ᠢᠯᠡᠷᠡᠳᠡᠭ᠃ ᠪᠠᠰᠠ ᠮᠣᠩᠭᠤᠯ ᠵᠢᠷᠣᠬᠠᠢ ᠶᠢᠨ ᠣᠬᠠᠭᠠᠨ ᠳᠤ ᠪᠠᠶᠢᠭᠠᠯᠢ | ᠲᠡᠯᠡᠬᠡᠢ ᠨᠢ ᠮᠣᠳᠣ᠂ ᠰᠢᠷᠣᠢ᠂ ᠭᠠᠯ᠂ ᠣᠰᠣ᠂ ᠲᠡᠮᠦᠷ ᠵᠡᠷᠭᠡ ᠶᠢᠨ ᠲᠠᠪᠣᠨ ᠮᠠᠬᠠᠪᠣᠳ ᠢᠶᠠᠷ ᠪᠦᠳᠦᠭᠰᠡᠨ ᠪᠠᠶᠢᠬᠤ | ᠶᠣᠰᠣᠳᠠᠢ ᠭᠡᠵᠦ ᠲᠠᠭᠠᠮᠠᠬᠯᠠᠵᠦ ᠬᠦᠮᠦᠨ ᠤ ᠠᠮᠢ ᠨᠢ ᠵᠠᠪᠠᠯ ᠡᠨᠡ ᠬᠦ ᠲᠠᠪᠣᠨ ᠮᠠᠬᠠᠪᠣᠳ ᠤᠨ ᠨᠢᠭᠡ ᠨᠢ ᠪᠠᠶᠢᠬᠤ | ᠶᠣᠰᠣᠳᠠᠢ ᠭᠡᠬᠦ ᠣᠢᠢᠯᠠᠭᠠᠯᠳᠠ ᠲᠠᠢ ᠪᠣᠯᠵᠦ ᠲᠦᠷᠦᠭᠰᠡᠨ ᠴᠠᠬ ᠬᠤᠭᠤᠴᠠᠭ᠎ᠠ ᠳᠤ ᠦᠨᠳᠦᠰᠦᠯᠡᠨ ︽ᠡᠪᠦᠯ | ᠲᠦᠷᠦᠭᠰᠡᠨ ᠬᠦᠮᠦᠨ ᠪᠦᠬᠦᠨ ᠴᠦᠮ ᠣᠰᠣᠨ ᠠᠮᠢ ᠲᠠᠢ︾ ᠭᠡᠵᠦ ᠦᠵᠡᠬᠦ ᠪᠣᠯᠵᠠᠢ᠃ ᠡᠭᠦᠨ ᠤ ᠲᠣᠬᠠᠢ ᠬᠦᠷᠢᠶ᠎ᠡ | ᠬᠤᠰᠢᠭᠤᠨ ᠤ ᠮᠠᠩᠬᠠᠨ ᠰᠣᠮᠣᠨ ᠤ ᠠᠵᠢᠯ ᠠᠴᠠ ᠪᠠᠨ ᠠᠮᠠᠷᠠᠬᠰᠠᠨ ᠪᠠᠭᠰᠢ ᠭᠠᠳᠠᠰᠣ ᠠᠴᠠ ︽ᠲᠦᠪᠡᠳ ᠤᠨ ᠬᠠᠷ᠎ᠠ | ᠵᠢᠷᠣᠬᠠᠢ ᠳᠤ ᠲᠡᠮᠳᠡᠭᠯᠡᠭᠰᠡᠨ ᠢᠶᠠᠷ ︿ᠲᠡᠯᠡᠬᠡᠢ ᠶᠢᠷᠳᠢᠨᠴᠦ ᠠᠨᠣ ᠣᠰᠣᠨ ᠲᠡᠭᠡᠷ᠎ᠡ ᠡᠮᠣᠨᠡᠰᠢ ᠬᠠᠨᠳᠣᠵᠦ ᠬᠡᠪᠳᠡᠭᠰᠡᠨ | ᠶᠠᠰᠣᠳᠦ ᠮᠡᠯᠡᠬᠡᠢ ᠶᠢᠨ ᠨᠢᠷᠣᠭᠤᠨ ᠲᠡᠭᠡᠷ᠎ᠡ ᠲᠣᠬᠳᠠᠵᠦ ᠪᠠᠶᠢᠬᠰᠠᠨ ᠠᠵᠣᠭᠤ᠃ ᠶᠠᠰᠣᠳᠣ ᠮᠡᠯᠡᠬᠡᠢ ᠬᠦᠳᠡᠯᠬᠦ ᠪᠠᠷ | ᠭᠠᠵᠠᠷ ᠬᠦᠳᠡᠯᠬᠦ᠂ ᠠᠭᠤᠯᠠ ᠶᠡᠭᠦᠷᠡᠬᠦ᠂ ᠭᠠᠯᠳᠦ ᠠᠭᠤᠯᠠ ᠲᠡᠯᠪᠡᠷᠡᠬᠦ ᠮᠡᠳᠦ ᠶᠢᠨ ᠪᠠᠶᠢᠭᠠᠯᠢ ᠶᠢᠨ ᠠᠶᠣᠯ ᠭᠠᠮᠰᠢᠬ | ᠡᠭᠦᠰᠴᠦ ᠬᠦᠮᠦᠨ ᠠᠮᠢᠳᠠᠨ ᠳᠤ ᠶᠡᠬᠡᠬᠡᠨ ᠬᠤᠤᠷ ᠨᠦᠯᠦᠭᠡ ᠣᠴᠠᠷᠠᠭᠤᠯᠳᠠᠬ ᠪᠠᠶᠢᠬᠰᠠᠨ ᠭᠡᠨ᠎ᠡ᠃ ᠬᠤᠵᠢᠮᠳᠠᠵᠦ | ᠢᠷᠡᠭᠡᠳ ᠡᠨᠡ ᠬᠦ ᠶᠠᠰᠣᠳᠣ ᠮᠡᠯᠡᠬᠡᠢ ᠨᠢ ᠭᠠᠵᠢᠭᠤ ᠰᠡᠳᠭᠢᠯ ᠡᠭᠦᠰᠴᠦ ᠵᠣᠬᠰᠣᠯ ᠦᠭᠡᠢ ᠬᠦᠳᠡᠯᠵᠦ ᠬᠦᠮᠦᠨ | ᠠᠮᠢᠳᠠᠳ ᠲᠤ ᠠᠬᠢᠨ ᠲᠠᠬᠢᠨ ᠠᠶᠣᠯ ᠭᠠᠮᠰᠢᠬ ᠣᠴᠠᠷᠠᠭᠤᠯᠣᠭᠠᠳ ᠪᠠᠶᠢᠳᠠᠬ ᠠᠴᠠ ᠮᠠᠨᠽᠣᠰᠢᠷᠢ ᠪᠣᠷᠬᠠᠨ ᠠᠮᠢᠳᠠᠨ | ᠵᠢᠷᠭᠤᠭᠠᠨ ᠵᠦᠢᠯ ᠳᠤ ᠪᠣᠶᠠᠨ ᠦᠢᠯᠡᠳᠬᠦ ᠭᠡᠵᠦ ᠬᠤᠪᠢᠯᠭᠠᠨ ᠨᠣᠮᠣ ᠪᠠᠷ ᠶᠠᠰᠣᠳᠦ ᠮᠡᠯᠡᠬᠡᠢ ᠶᠢ ᠬᠠᠷᠪᠣᠪᠠ᠃ | ᠪᠣᠷᠬᠠᠨ ᠤ ᠬᠠᠷᠪᠣᠵᠦ ᠢᠯᠡᠭᠡᠭᠰᠡᠨ ᠬᠤᠪᠢᠯᠭᠠᠨ ᠬᠦᠴᠦᠳᠦ ᠰᠣᠮᠣ ᠨᠢ ᠶᠠᠰᠣᠳᠦ ᠮᠡᠯᠡᠬᠡᠢ ᠶᠢ ᠣᠨᠣᠵᠦ ᠵᠡᠭᠦᠨ | ᠰᠦᠪᠡᠭᠡ ᠪᠠᠷ ᠨᠢ ᠨᠡᠪᠳᠡᠯᠵᠦ ᠭᠠᠷᠬᠤ ᠳᠤ ᠰᠣᠮᠣ ᠶᠢᠨ ᠬᠦᠴᠦᠨ ᠳᠤ ᠶᠠᠰᠣᠳᠦ ᠮᠡᠯᠡᠬᠡᠢ ᠪᠦᠳᠦᠨ ᠨᠢᠭᠡ ᠬᠦᠷᠪᠡᠭᠰᠡᠨ | ᠭᠡᠨ᠎ᠡ᠃ ᠶᠠᠰᠣᠳᠣ ᠮᠡᠯᠡᠬᠡᠢ ᠶᠢᠨ ᠵᠡᠭᠦᠨ ᠰᠣᠭᠤ ᠪᠠᠷ ᠬᠠᠷᠪᠣᠬᠰᠠᠨ ᠵᠡᠪᠡ ᠶᠢᠨ ᠪᠠᠷᠢᠭᠤᠯ ᠤᠨ ᠮᠣᠳᠣ ᠨᠢ ᠪᠣᠯᠳᠦ᠋ᠢᠵᠦ | ᠭᠠᠷᠣᠬᠰᠠᠨ ᠠᠴᠠ ᠲᠡᠯᠡᠬᠡᠢ ᠶᠢᠷᠳᠢᠨᠴᠦ ᠶᠢᠨ ᠵᠡᠭᠦᠨ ᠵᠦᠭ ᠢ ᠮᠣᠳᠣᠨ ᠣᠷᠣᠨ ᠬᠡᠮᠡᠵᠦ᠂ ᠪᠠᠷᠠᠭᠤᠨ ᠰᠣᠭᠤ ᠪᠠᠷ ᠨᠢ | ᠵᠡᠪᠡ ᠶᠢᠨ ᠲᠡᠮᠦᠷ ᠦᠵᠦᠭᠦᠷ ᠨᠢ ᠨᠡᠪᠳᠡᠯᠵᠦ ᠭᠠᠷᠣᠬᠰᠠᠨ ᠠᠴᠠ ᠪᠠᠷᠠᠭᠤᠨ ᠵᠦᠭ ᠢ ᠲᠡᠮᠦᠷ ᠤᠨ ᠣᠷᠣᠨ ᠭᠡᠵᠦ᠂ | ᠶᠠᠰᠣᠳᠣ ᠮᠡᠯᠡᠬᠡᠢ ᠶᠢᠨ ᠠᠮᠠᠨ ᠠᠴᠠ ᠭᠠᠯ ᠭᠠᠷᠣᠬᠰᠠᠨ ᠠᠴᠠ ᠡᠮᠦᠨ᠎ᠡ ᠵᠦᠭ ᠢ ᠭᠠᠯ ᠤᠨ ᠣᠷᠣᠨ ᠭᠡᠵᠦ᠂ | ᠪᠦᠭᠰᠡᠨ ᠠᠴᠠ ᠨᠢ ᠣᠰᠣ ᠭᠤᠭᠤᠵᠢᠬᠰᠠᠨ ᠠᠴᠠ ᠬᠤᠶᠢᠨ᠎ᠠ ᠵᠦᠭ ᠢ ᠣᠰᠣ ᠶᠢᠨ ᠣᠷᠣᠨ ᠭᠡᠵᠦ᠂ ᠡᠯᠢᠭᠡᠨ ᠳᠤᠨᠢ | ᠰᠢᠷᠣᠢ ᠨᠠᠭᠠᠯᠳᠣᠬᠰᠠᠨ ᠠᠴᠠ ᠲᠣᠮᠳᠠᠬᠢ ᠶᠢ ᠨᠢ ᠰᠢᠷᠣᠢ ᠶᠢᠨ ᠣᠷᠣᠨ ᠭᠡᠵᠦ ᠶᠠᠷᠢᠬᠤ ᠪᠣᠯᠵᠠᠢ﹀ ᠭᠡᠵᠦ ᠲᠡᠮᠳᠡᠭᠯᠡᠵᠦ | ᠪᠠᠶᠢᠳᠠᠬ᠃ ᠪᠠᠰᠠ ᠲᠡᠭᠡᠳᠦ ᠮᠣᠩᠭᠤᠯ ᠤᠨ ᠦᠯᠢᠭᠡᠷ ︿ᠲᠠᠷᠢ ᠲᠣᠯᠣᠭᠠᠢ﹀ ᠳᠤ ︿ᠮᠠᠩᠭᠤᠰ ᠤᠨ ᠠᠮᠢ ᠨᠢ ᠭᠦᠨ | ᠬᠠᠷ᠎ᠠ ᠣᠰᠣᠨ ᠭᠡᠵᠦ ᠦᠬᠦᠯᠡᠨ᠎ᠡ﹀ ᠭᠡᠵᠦ ᠲᠡᠮᠳᠡᠭᠯᠡᠵᠦ ᠪᠠᠶᠢᠳᠠᠬ᠃ ᠵᠢᠷᠣᠬᠠᠢ ᠶᠢᠨ ᠣᠬᠠᠭᠠᠨ ᠨᠢ ᠬᠡᠳᠦ᠋ᠢᠪᠡᠷ | ᠬᠦᠮᠦᠨ ᠲᠦᠷᠦᠯᠬᠢᠳᠡᠨ ᠪᠣᠢ ᠪᠣᠯᠣᠬᠰᠠᠨ ᠠᠴᠠ ᠰᠡᠭᠦᠯᠡᠷᠬᠢ ᠨᠡᠯᠢᠶᠡᠳ ᠬᠤᠵᠢᠮ ᠤᠨ ᠣᠴᠢᠷ ᠪᠣᠯᠪᠠᠴᠦ ᠵᠢᠷᠣᠬᠠᠢ ᠶᠢᠨ | ᠣᠬᠠᠭᠠᠨ ᠪᠢᠴᠢᠭᠳᠡᠬᠦ ᠠᠴᠠ ᠡᠮᠦᠨ᠎ᠡ ᠪᠣᠯᠳᠠᠯ᠎ᠠ ᠬᠦᠮᠦᠨ ᠲᠦᠷᠦᠯᠬᠢᠳᠡᠨ ᠠᠴᠠ ᠪᠠᠶᠢᠭᠠᠯᠢ ᠣᠷᠴᠢᠨ ᠢᠶᠠᠨ ᠬᠡᠷᠬᠢᠨ | ᠲᠠᠨᠢᠵᠦ ᠣᠢᠢᠯᠠᠭᠠᠵᠦ ᠪᠠᠶᠢᠬᠰᠠᠨ ᠲᠣᠬᠠᠢ ᠪᠢᠳᠡ ᠡᠬᠦᠨ ᠠᠴᠠ ᠨᠡᠯᠢᠶᠡᠳ ᠲᠣᠳᠣᠷᠬᠠᠢ ᠣᠢᠢᠯᠠᠭᠠᠨ ᠮᠠᠳᠠᠵᠦ ᠪᠣᠯᠣᠨ᠎ᠠ᠃ | ᠬᠦᠮᠦᠨ ᠲᠦᠷᠦᠯᠬᠢᠳᠡᠨ ᠪᠣᠢ ᠪᠣᠯᠣᠬᠰᠠᠨ ᠠᠴᠠ ᠨᠠᠭᠠᠰᠢᠬᠢ ᠲᠠᠬᠢᠯᠭ᠎ᠠ ᠰᠢᠳᠦᠯᠭᠡ ᠶᠢᠨ ᠲᠣᠳᠣᠷ᠎ᠠ ᠣᠰᠣ ᠶᠢᠨ | ᠰᠢᠳᠦᠯᠭᠡ ᠨᠢ ᠦᠨᠡᠨ ᠳᠡᠭᠡᠨ ᠮᠣᠳᠣᠨ ᠰᠢᠳᠦᠯᠭᠡ ᠠᠴᠠ ᠴᠦ ᠡᠮᠦᠨ᠎ᠡ ᠪᠣᠢ ᠪᠣᠯᠣᠬᠰᠠᠨ ᠪᠠᠯᠠᠷᠯᠢᠬ ᠰᠢᠳᠦᠯᠭᠡ ᠶᠢᠨ | ᠨᠢᠭᠡ ᠬᠡᠯᠪᠡᠷᠢ ᠪᠠᠶᠢᠵᠦ ᠲᠠᠭᠠᠷᠠᠨ᠎ᠠ︾ ᠭᠡᠵᠡᠢ᠃ | ᠰᠢᠨᠵᠢᠯᠡᠬᠦ ᠣᠬᠠᠭᠠᠨᠳᠠᠳ ᠠᠴᠠ᠄ ︽ᠬᠦᠮᠦᠨ ᠤ ᠪᠡᠶ᠎ᠡ ᠶᠢᠨ ᠵᠠᠭᠤᠨ ᠤ ᠨᠠᠶᠠ ᠣᠷᠴᠢᠮ ᠢ ᠣᠰᠣ ᠡᠵᠡᠯᠡᠵᠦ᠂ | ᠲᠡᠯᠡᠬᠡᠢ ᠶᠢᠨ ᠪᠦᠮᠪᠦᠷᠴᠡᠭ ᠤᠨ ᠵᠠᠭᠤᠨ ᠤ ᠲᠠᠯ᠎ᠠ ᠣᠷᠴᠢᠮ ᠢ ᠨᠢ ᠣᠰᠣ ᠡᠵᠡᠯᠡᠵᠦ ᠪᠠᠶᠢᠨ᠎ᠠ᠃ ᠠᠩᠬᠠᠨ ᠤ ᠠᠮᠢ ᠨᠢ | ᠣᠰᠣᠨ ᠠᠴᠠ ᠡᠭᠦᠰᠴᠦ ᠪᠣᠢ ᠪᠣᠯᠣᠬᠰᠠᠨ ᠠᠴᠠ ᠣᠰᠣ ᠨᠢ ᠠᠯᠢᠪᠠ ᠠᠮᠢᠳᠠᠨ ᠪᠣᠳᠠᠰ ᠤᠨ ᠡᠬᠢ︾ ᠭᠡᠵᠦ ᠰᠢᠨᠵᠢᠯᠡᠨ | ᠰᠣᠳᠣᠯᠣᠬᠰᠠᠨ ᠠᠴᠠ ᠦᠵᠡᠪᠡᠯ ᠠᠮᠢ ᠨᠠᠰᠣ ᠨᠢ ᠣᠰᠣᠨ ᠠᠴᠠ ᠰᠠᠯᠵᠦ ᠴᠢᠳᠠᠬᠤ ᠦᠭᠡᠢ ᠭᠡᠳᠡᠭ ᠢ ᠪᠢᠳᠡ | ᠲᠣᠳᠣᠷᠬᠠᠢ ᠮᠡᠳᠡᠬᠦ ᠪᠣᠯᠵᠠᠢ᠃ ᠪᠠᠰᠠ ᠵᠠᠷᠢᠮ ᠡᠷᠳᠡᠮᠳᠡᠳ ᠠᠴᠠ ︽ᠣᠰᠣ ᠨᠢ ᠠᠮᠢ ᠲᠠᠢ ᠮᠦᠷᠳᠡᠭᠡᠨ ᠬᠦᠮᠦᠨ ᠤ | ᠦᠭᠡ ᠶᠠᠷᠢᠶ᠎ᠠ ᠵᠡᠷᠭᠡ ᠶᠢᠨ ᠰᠢᠯᠳᠠᠭᠠᠨ ᠠᠴᠠ ᠪᠣᠯᠵᠦ ᠰᠢᠨᠵᠢ ᠴᠢᠨᠠᠷ ᠢᠶᠠᠨ ᠬᠤᠪᠢᠷᠠᠭᠤᠯᠵᠦ ᠴᠢᠳᠠᠳᠠᠭ ᠰᠢᠳᠢ ᠶᠢᠨ | ᠬᠦᠴᠦᠨ ᠲᠠᠢ︾ ᠭᠡᠵᠦ ᠶᠠᠷᠢᠵᠦ ᠦᠡᠭᠭᠡᠷᠡᠪᠠ᠃ | ᠬᠦᠮᠦᠨ ᠲᠦᠷᠦᠯᠬᠢᠳᠡᠨ ᠪᠣᠢ ᠪᠣᠯᠣᠬᠰᠠᠨ ᠤ ᠲᠠᠷᠠᠭ᠎ᠠ ᠣᠢ ᠣᠬᠠᠭᠠᠨ ᠨᠢ ᠬᠦᠭᠵᠢᠯᠳᠡ ᠪᠠᠨ ᠣᠯᠬᠤ ᠲᠠᠢ ᠵᠡᠷᠭᠡ | ᠣᠰᠣᠨ ᠤ ᠦᠢᠯᠡᠳᠦᠯ ᠬᠡᠷᠡᠭᠴᠡᠭᠡ ᠶᠢ ᠣᠯᠠᠮ ᠢᠶᠠᠷ ᠲᠠᠨᠢᠵᠦ ᠣᠰᠣ ᠶᠢ ᠶᠠᠮᠠᠷ ᠨᠢᠭᠡᠨ ᠰᠢᠳᠢ ᠶᠢᠨ ᠬᠦᠴᠦᠨ ᠤ | ᠪᠡᠯᠭᠡ ᠲᠡᠮᠳᠡᠭ ᠪᠣᠯᠭᠠᠵᠦ ᠰᠢᠳᠦᠨ ᠪᠢᠰᠢᠷᠡᠵᠦ ᠡᠬᠢᠯᠡᠭᠰᠡᠨ ᠪᠠᠶᠢᠵᠦ ᠲᠠᠭᠠᠷᠠᠨ᠎ᠠ᠃ ᠡᠭᠦᠨ ᠤ ᠲᠣᠬᠠᠢ ᠪᠢᠳᠡ ᠭᠤᠷᠪᠠᠨ | ᠲᠠᠯ᠎ᠠ ᠠᠴᠠ ᠲᠠᠭᠠᠮᠠᠬᠯᠠᠶᠠ᠃ | ᠡᠩ ᠲᠡᠷᠢᠭᠦᠨ ᠳᠤ᠂ ᠲᠡᠦᠬᠡ ᠶᠢᠨ ᠮᠠᠯᠳᠠᠮᠠᠯ ᠵᠢᠴᠢ ᠡᠷᠳᠡᠮᠳᠡᠳ ᠤᠨ ᠰᠣᠳᠣᠯᠭᠠᠨ ᠢ ᠦᠨᠳᠦᠰᠦᠯᠡᠪᠡᠯ ᠬᠠᠮᠤᠬ | ᠠᠩᠬᠠᠨ ᠤ ᠬᠦᠮᠦᠨ ᠲᠦᠷᠦᠯᠬᠢᠳᠡᠨ ᠤ ᠰᠣᠶᠣᠯ ᠨᠢ ᠪᠦᠷ ᠲᠠᠯᠠᠢ ᠲᠠᠭᠠᠦ ᠣᠷᠣᠨ ᠪᠣᠶᠣ ᠭᠤᠣᠯ ᠮᠦᠷᠡᠨ ᠤ ᠰᠠᠪᠠ | ᠭᠠᠵᠠᠷ ᠢᠶᠠᠷ ᠡᠭᠦᠰᠦᠭᠰᠡᠨ ᠭᠡᠳᠡᠭ ᠪᠠᠷᠢᠮᠳᠠ ᠪᠠᠶᠢᠨ᠎ᠠ᠃ ᠵᠢᠱᠢᠶᠡᠯᠡᠪᠡᠯ᠄ ᠬᠤᠷᠴᠢᠨ ᠨᠣᠳᠤᠬ ᠨᠢ ᠲᠣᠮᠳᠠᠳᠦ ᠶᠢᠨ | ᠪᠣᠯᠪᠠᠰᠣᠨ ᠤ ᠭᠤᠷᠪᠠᠨ ᠡᠬᠢ ᠡᠭᠦᠰᠦᠯ ᠤᠨ ᠨᠢᠭᠡ ᠪᠣᠯᠬᠤ ︽ᠪᠠᠷᠠᠭᠤᠨ ᠯᠢᠶᠣᠣ ᠾᠧ ᠭᠤᠣᠯ ᠤᠨ ᠪᠣᠯᠪᠠᠰᠣᠨ︾ ᠤ | ᠭᠤᠣᠯ ᠣᠷᠣᠨ ᠭᠡᠳᠡᠭ᠃ ᠡᠭᠦᠨ ᠠᠴᠠ ᠪᠢᠳᠡ ᠬᠦᠮᠦᠨ ᠲᠦᠷᠦᠯᠬᠢᠳᠡᠨ ᠬᠢᠭᠡᠳ ᠠᠮᠢᠳᠦ ᠪᠣᠳᠠᠰ ᠨᠢ ᠣᠰᠣᠨ ᠠᠴᠠ | ᠡᠭᠦᠰᠦᠭᠰᠡᠨ ᠮᠦᠷᠳᠡᠭᠡᠨ ᠬᠦᠮᠦᠨ ᠲᠦᠷᠦᠯᠬᠢᠳᠡᠨ ᠤ ᠪᠣᠯᠪᠠᠰᠣᠨ ᠨᠢ ᠣᠰᠣᠨ ᠠᠴᠠ ᠢᠮᠠᠬᠤ ᠶᠢᠨ ᠲᠡᠳᠦᠢ ᠴᠦ | ᠰᠠᠯᠵᠦ ᠴᠢᠳᠠᠬᠤ ᠦᠭᠡᠢ ᠭᠡᠳᠡᠭ ᠢ ᠮᠡᠳᠡᠵᠦ ᠪᠣᠯᠣᠨ᠎ᠠ᠃ ᠬᠦᠮᠦᠨ ᠲᠦᠷᠦᠯᠬᠢᠳᠡᠨ ᠳᠤ ᠠᠪᠴᠦ ᠬᠡᠯᠡᠪᠡᠯ ᠣᠰᠣᠨ ᠤ | ᠲᠣᠬᠠᠢ ᠣᠢᠢᠯᠠᠭᠠᠯᠳᠠ ᠨᠢ ᠬᠠᠮᠤᠬ ᠠᠩᠬᠠᠨ ᠤ ᠣᠢᠢᠯᠠᠭᠠᠯᠳᠠ ᠶᠢᠨ ᠬᠢᠨ ᠨᠢᠭᠡ ᠨᠢ ᠪᠠᠶᠢᠵᠦ ᠣᠰᠣ ᠶᠢ ᠰᠢᠳᠢ ᠶᠢᠨ | ᠬᠦᠴᠦᠨ ᠲᠠᠢ ᠭᠡᠵᠦ ᠦᠵᠡᠬᠦ ᠨᠢ ᠠᠶᠠᠨᠳᠠᠭᠠᠨ ᠤ ᠣᠴᠢᠷ ᠪᠢᠯᠡ᠃ | ᠬᠤᠶᠠᠷ ᠲᠤ᠂ ᠦᠢᠯᠡᠳᠪᠦᠷᠢᠯᠡᠯ ᠤᠨ ᠬᠦᠴᠦᠨ ᠬᠦᠭᠵᠢᠯᠳᠡ ᠪᠠᠨ ᠣᠯᠤᠭ᠎ᠠ ᠦᠭᠡᠢ ᠪᠠᠶᠢᠬᠰᠠᠨ ᠪᠠᠯᠠᠷ | ᠡᠷᠳᠡᠨ ᠤ ᠬᠦᠮᠦᠰ ᠭᠤᠣᠯ ᠮᠦᠷᠡᠨ ᠤ ᠬᠦᠪᠡᠭᠡ ᠲᠠᠭᠠᠦ ᠣᠰᠣ ᠶᠢ ᠪᠠᠷᠠᠳᠠᠨ ᠰᠠᠭᠤᠵᠦ᠂ ᠣᠰᠣᠨ ᠤ ᠡᠬᠢ ᠪᠠᠶᠠᠯᠢᠬ | ᠪᠣᠯᠬᠤ ᠵᠢᠭᠠᠰᠣ᠂ ᠵᠢᠷᠠᠭᠠᠬᠠᠢ᠂ ᠰᠠᠮ ᠬᠤᠷᠣᠬᠠᠢ ᠁ ᠵᠡᠷᠭᠡ ᠪᠠᠷ ᠬᠤᠭᠤᠯᠠ ᠪᠣᠯᠭᠠᠵᠦ ᠠᠮᠢᠳᠣᠷᠠᠯ ᠢᠶᠠᠨ | ᠦᠷᠭᠦᠯᠵᠢᠯᠡᠭᠦᠯᠳᠡᠭ ᠠᠴᠠ ᠭᠠᠳᠠᠨ᠎ᠠ᠂ ᠬᠠᠭᠤᠷᠠᠢ ᠶᠢᠨ ᠲᠣᠬᠰᠢᠨ ᠠᠷᠢᠶᠠᠳᠠᠨ ᠤ ᠠᠶᠣᠯ ᠢ ᠣᠰᠣᠨ ᠳᠤ ᠦᠰᠦᠷᠦᠨ | ᠣᠷᠣᠵᠦ ᠲᠠᠯᠳᠠᠯᠠᠳᠠᠭ ᠠᠴᠠ ᠡᠯᠪᠡᠭ ᠪᠠᠶᠠᠯᠢᠬ ᠢᠳᠡᠭᠡᠨ ᠬᠠᠨᠭ᠍ᠭᠠᠵᠦ ᠠᠶᠣᠯ ᠵᠣᠪᠠᠯᠠᠩ ᠠᠴᠠ ᠵᠠᠶᠢᠯᠠᠭᠤᠯᠳᠠᠬ | ᠣᠰᠣ ᠶᠢ ᠶᠠᠮᠠᠷ ᠨᠢᠭᠡᠨ ᠬᠤᠪᠢᠯᠭᠠᠨ ᠬᠦᠴᠦᠨ ᠠᠴᠠ ᠵᠠᠬᠢᠷᠴᠦ ᠪᠠᠶᠢᠨ᠎ᠠ ᠭᠡᠬᠦ ᠰᠡᠳᠭᠢᠭᠳᠡᠯ ᠪᠣᠢ ᠪᠣᠯᠵᠦ ᠣᠰᠣ ᠶᠢ | ᠲᠠᠬᠢᠵᠦ ᠰᠢᠳᠦᠬᠦ ᠨᠢ ᠠᠶᠠᠨᠳᠠᠭᠠᠨ ᠤ ᠣᠴᠢᠷ ᠪᠣᠯᠣᠨ᠎ᠠ᠃ | ᠭᠤᠷᠪᠠ ᠳᠤ᠂ ᠪᠠᠯᠠᠷ ᠡᠷᠳᠡᠨ ᠤ ᠨᠡᠶᠢᠭᠡᠮ ᠳᠤ ᠦᠢᠯᠡᠳᠪᠦᠷᠢᠯᠡᠯ ᠤᠨ ᠬᠦᠴᠦᠨ ᠤ ᠲᠦᠪᠰᠢᠨ ᠲᠦᠢᠯ ᠤᠨ | ᠲᠣᠷᠣᠢ ᠪᠠᠭᠤᠷᠠᠢ᠂ ᠬᠦᠮᠦᠰ ᠤᠨ ᠲᠠᠨᠢᠯᠳᠠ ᠨᠢᠯᠬᠠᠰᠠᠬ ᠪᠠᠯᠠᠷ᠂ ᠮᠡᠳᠡᠴᠡ ᠮᠡᠳᠡᠯᠭᠡ ᠲᠣᠩ ᠢᠪᠴᠣᠣ ᠮᠡᠬᠦᠰ᠂ | ᠪᠠᠶᠢᠭᠠᠯᠢ ᠶᠢᠨ ᠵᠢᠮ᠎ᠡ ᠶᠣᠰᠣ ᠶᠢ ᠲᠠᠨᠢᠵᠦ ᠲᠡᠶᠢᠯᠦᠭᠡᠳᠦᠢ᠂ ᠬᠦᠮᠦᠨ ᠲᠦᠷᠦᠯᠬᠢᠳᠡᠨ ᠪᠠᠶᠢᠭᠠᠯᠢ ᠶᠢ ᠡᠷᠬᠡᠰᠢᠶᠡᠨ | ᠵᠠᠬᠢᠷᠴᠦ ᠴᠢᠳᠠᠭᠠᠳᠣᠢ ᠪᠠᠶᠢᠬᠰᠠᠨ ᠪᠣᠯᠬᠤᠷ ᠣᠰᠣᠨ ᠠᠴᠠ ᠡᠭᠦᠰᠦᠭᠰᠡᠨ ᠦᠶᠡᠷ ᠣᠰᠣᠳᠣᠯ᠂ ᠭᠠᠨᠭ᠌ ᠬᠠᠭᠰᠠᠷᠠᠭᠠᠨ ᠤ | ᠭᠠᠮᠰᠢᠬ᠂ ᠪᠣᠷᠣᠭᠠᠨ ᠬᠤᠷ᠎ᠠ ᠁ ᠵᠡᠷᠭᠡ ᠶᠢ ᠶᠠᠮᠠᠷ ᠨᠢᠭᠡᠨ ᠲᠠᠯᠳᠠ ᠶᠢᠨ ᠬᠦᠴᠦᠨ ᠵᠠᠬᠢᠷᠣᠨ ᠡᠵᠡᠮᠳᠡᠵᠦ | ᠪᠠᠶᠢᠬᠤ ᠪᠠᠷ ᠣᠢᠢᠯᠠᠭᠠᠨ ᠶᠢᠷᠳᠢᠨᠴᠦ ᠶᠢᠨ ᠲᠦᠮᠡᠨ ᠪᠣᠳᠠᠰ ᠲᠤ ᠡᠵᠡᠳ ᠣᠡᠭᠭᠤᠳ ᠲᠠᠢ ᠭᠡᠵᠦ ᠦᠵᠡᠬᠦ ᠪᠣᠯᠵᠦ | ᠣᠰᠣ ᠶᠢ ᠲᠠᠬᠢᠵᠦ ᠰᠢᠳᠦᠬᠦ ᠨᠢ ᠠᠶᠠᠨᠳᠠᠭᠠᠨ ᠤ ᠣᠴᠢᠷ ᠪᠣᠯᠣᠨ᠎ᠠ᠃ | ᠡᠷᠳᠡᠮᠳᠡᠳ ᠠᠴᠠ ᠮᠣᠩᠭᠤᠯᠴᠣᠳ ᠤᠨ ᠲᠣᠮᠳᠠ ᠣᠯᠠᠮᠵᠢᠯᠠᠬᠳᠠᠵᠦ ᠢᠷᠡᠭᠰᠡᠨ ᠰᠢᠳᠢᠳᠦ ᠦᠯᠢᠭᠡᠷ᠂ ᠲᠣᠮᠤᠬ | ᠶᠠᠷᠢᠶ᠎ᠠ ᠵᠡᠷᠭᠡ ᠶᠢ ᠪᠠᠯᠠᠷ ᠡᠷᠳᠡᠨ ᠤ ᠦᠶ᠎ᠡ ᠳᠤ ᠪᠣᠢ ᠪᠣᠯᠣᠬᠰᠠᠨ ᠭᠡᠵᠦ ᠦᠵᠡᠪᠡ᠃ ᠨᠡᠩ ᠢᠯᠠᠩᠭᠤᠶ᠎ᠠ ᠰᠢᠳᠢᠳᠦ | ᠦᠯᠢᠭᠡᠷ ᠢ ᠬᠦᠮᠦᠨ ᠲᠦᠷᠦᠯᠬᠢᠳᠡᠨ ᠤ ᠬᠦᠭᠵᠢᠯ ᠤᠨ ᠱᠠᠳᠣᠨ ᠤ ᠪᠠᠯᠠᠷ ᠡᠷᠳᠡᠨ ᠤ ᠨᠡᠶᠢᠭᠡᠮ ᠳᠤ ᠡᠭᠦᠰᠦᠨ ᠪᠣᠢ | ᠪᠣᠯᠣᠬᠰᠠᠨ ᠰᠣᠶᠣᠯ ᠣᠷᠠᠯᠢᠬ ᠤᠨ ᠪᠦᠳᠦᠭᠡᠯ ᠮᠦᠨ ᠭᠡᠵᠦ ᠰᠠᠨᠠᠯ ᠨᠢᠭᠡᠳᠡᠢ ᠦᠵᠡᠵᠦ᠂ ᠰᠢᠳᠢᠳᠦ ᠦᠯᠢᠭᠡᠷ ᠢ ᠪᠠᠯᠠᠷ | ᠡᠷᠳᠡᠨ ᠤ ᠨᠡᠶᠢᠭᠡᠮ ᠤᠨ ᠵᠡᠷᠯᠢᠭ ᠦᠶ᠎ᠡ ᠶᠢᠨ ᠲᠣᠣᠷᠠᠳᠦ ᠱᠠᠳᠣᠨ ᠳᠤ ᠡᠭᠦᠰᠦᠭᠰᠡᠨ ᠭᠡᠵᠦ ᠦᠵᠡᠳᠡᠭ ᠨᠢ ᠮᠣᠷᠭᠠᠨ᠂ | ᠮᠠᠷᠺᠰ᠂ ᠡᠩᠭᠧᠯᠰ ᠨᠠᠷ ᠤᠨ ᠲᠣᠷᠠᠳᠣᠯᠳᠠ ᠶᠢ ᠦᠨᠳᠦᠰᠦᠯᠡᠭᠰᠡᠨ ᠶᠣᠮ ᠭᠡᠵᠦ ︽ᠮᠣᠩᠭᠤᠯ ᠣᠷᠠᠨ ᠵᠣᠬᠢᠶᠠᠯ ᠤᠨ | ᠲᠡᠦᠬᠡ︾ ᠭᠡᠳᠡᠭ ᠨᠣᠮ ᠳᠤ ᠲᠣᠳᠣᠷᠬᠠᠢ ᠲᠡᠮᠳᠡᠭᠯᠡᠵᠦ ᠪᠠᠶᠢᠭ᠎ᠠ ᠶᠣᠮ᠃ ᠡᠭᠦᠨ ᠠᠴᠠ ᠪᠢᠳᠡ ᠣᠰᠣ ᠶᠢᠨ ᠲᠠᠬᠢᠯᠭ᠎ᠠ | ᠰᠢᠳᠦᠯᠭᠡ ᠨᠢ ᠰᠢᠳᠢᠳᠦ ᠦᠯᠢᠭᠡᠷ ᠪᠣᠢ ᠪᠣᠯᠬᠤ ᠠᠴᠠ ᠡᠮᠦᠨ᠎ᠡ ᠲᠣᠬᠠᠢᠢᠯᠠᠪᠠᠯ ᠬᠦᠮᠦᠨ ᠲᠦᠷᠦᠯᠬᠢᠳᠡᠨ ᠤ ᠣᠢ | ᠣᠬᠠᠭᠠᠨ ᠨᠢ ᠬᠦᠭᠵᠢᠯᠳᠡ ᠪᠠᠨ ᠣᠯᠬᠤ ᠲᠠᠢ ᠵᠡᠷᠭᠡ ᠯᠡ ᠡᠬᠢᠯᠡᠵᠦ ᠪᠣᠢ ᠪᠣᠯᠣᠬᠰᠠᠨ ᠭᠡᠳᠡᠭ ᠢ ᠮᠡᠳᠡᠵᠦ ᠪᠣᠯᠣᠨ᠎ᠠ᠃ | | ᠲᠡᠦᠬᠡᠨ ᠠᠴᠠ ᠠᠪᠣᠭᠠᠳ ᠮᠣᠩᠭᠤᠯᠴᠣᠳ ᠨᠢ ᠣᠰᠣ ᠶᠢ ᠡᠬᠡ ᠶᠢᠨ ᠰᠦ ᠲᠠᠢ ᠪᠠᠨ ᠵᠦᠢᠷᠯᠡᠵᠦ ᠴᠡᠪᠡᠷ | ᠲᠣᠩᠭᠠᠯᠠᠬ ᠪᠠᠶᠢᠯᠭᠠᠬᠤ ᠶᠢ ᠡᠷᠬᠢᠮ ᠪᠣᠯᠭᠠᠵᠦ ᠦᠵᠡᠭᠰᠡᠭᠡᠷ ᠢᠷᠡᠪᠡ᠃ ︽ᠮᠣᠩᠭᠤᠯ ᠤᠨ ᠨᠢᠭᠤᠴᠠ ᠲᠣᠪᠴᠢᠶᠠᠨ︾ | ᠵᠡᠷᠭᠡ ᠶᠢᠨ ᠲᠡᠦᠬᠡ ᠶᠢᠨ ᠪᠠᠷᠢᠮᠳᠠ ᠶᠢ ᠦᠨᠳᠦᠰᠦᠯᠡᠪᠡᠯ᠂ ᠠᠷᠪᠠᠨ ᠭᠤᠷᠪᠠᠳᠣᠭᠠᠷ ᠵᠠᠭᠤᠨ ᠤ ᠡᠬᠢᠨ ᠤ ᠦᠶ᠎ᠡ ᠪᠠᠷ | ᠶᠡᠭᠡ ᠮᠣᠩᠭᠤᠯ ᠣᠯᠣᠰ ᠤᠨ ᠡᠭᠦᠰᠭᠡᠨ ᠪᠠᠶᠢᠭᠤᠯᠣᠬᠴᠢ ᠪᠣᠬᠳᠠ ᠡᠵᠡᠨ ᠴᠢᠩᠬᠢᠰ ᠬᠠᠭᠠᠨ ᠠᠴᠠ ᠣᠯᠣᠰ ᠤᠨ ᠬᠠᠦᠯᠢ | ᠴᠠᠭᠠᠵᠠ ᠳᠠᠭᠠᠨ᠄ ︽ᠣᠷᠣᠰᠬᠠᠯ ᠣᠰᠣᠨ ᠳᠤ ᠬᠤᠪᠴᠠᠰᠣ ᠣᠬᠢᠶᠠᠵᠦ ᠪᠣᠯᠬᠤ ᠦᠭᠡᠢ᠂ ᠬᠡᠷᠪᠡ ᠣᠷᠣᠰᠬᠠᠯ | ᠣᠰᠣᠨ ᠳᠤ ᠬᠤᠪᠴᠠᠰᠣ ᠣᠬᠢᠶᠠᠭᠠᠳ ᠮᠦᠡᠭᠬᠡ ᠲᠡᠭᠷᠢ ᠶᠢ ᠬᠢᠯᠢᠩᠨᠡᠭᠦᠯᠪᠡᠯ ᠲᠡᠭᠦᠨ ᠢ ᠠᠯᠠᠨ᠎ᠠ︾ ᠭᠡᠵᠦ | ᠲᠣᠬᠳᠠᠭᠠᠬᠰᠠᠨ ᠪᠠᠶᠢᠳᠠᠬ᠃ ᠡᠭᠦᠨ ᠠᠴᠠ ᠪᠢᠳᠡ ᠮᠣᠩᠭᠤᠯᠴᠣᠳ ᠨᠢ ᠡᠷᠳᠡ ᠲᠡᠭᠡᠳᠦ ᠠᠴᠠ ᠪᠠᠨ ᠠᠪᠣᠭᠠᠳ | ᠣᠰᠣ ᠶᠢ ᠮᠦᠡᠭᠬᠡ ᠲᠡᠭᠷᠢ ᠲᠠᠢ ᠬᠤᠯᠪᠣᠭ᠎ᠠ ᠲᠠᠢ᠂ ᠡᠵᠡᠳ ᠰᠠᠬᠢᠭᠤᠰᠣ ᠲᠠᠢ ᠬᠡᠮᠡᠨ ᠰᠢᠳᠢᠴᠢᠯᠡᠨ ᠦᠵᠡᠭᠰᠡᠭᠡᠷ | ᠢᠷᠡᠪᠡ ᠭᠡᠳᠡᠭ ᠢ ᠲᠣᠳᠣᠷᠬᠠᠢ ᠮᠡᠳᠡᠵᠦ ᠪᠣᠯᠣᠨ᠎ᠠ᠃ | ᠣᠰᠣᠨ ᠤ ᠰᠢᠳᠦᠯᠭᠡ ᠶᠢᠨ ᠬᠡᠯᠪᠡᠷᠢ ᠪᠠ ᠬᠤᠪᠢᠷᠠᠯᠳᠠ | ᠮᠣᠩᠭᠤᠯᠴᠣᠳ ᠤᠨ ᠲᠣᠮᠳᠠ ᠣᠯᠠᠮᠵᠢᠯᠠᠬᠳᠠᠬᠰᠠᠨ ᠰᠢᠳᠢᠳᠦ ᠦᠯᠢᠭᠡᠷ ᠪᠣᠯᠣᠨ ᠲᠣᠮᠤᠬ ᠦᠯᠢᠭᠡᠷ᠂ | ᠣᠯᠠᠮᠵᠢᠯᠠᠯ ᠦᠯᠢᠭᠡᠷ ᠁ ᠵᠡᠷᠭᠡ ᠳᠤ ᠣᠰᠣ ᠶᠢ ᠰᠢᠳᠢᠴᠢᠯᠡᠵᠦ ᠣᠰᠣ ᠶᠢ ᠲᠠᠬᠢᠵᠦ ᠰᠢᠳᠦᠵᠦ ᠪᠠᠶᠢᠬᠰᠠᠨ ᠲᠣᠬᠠᠢ | ᠣᠯᠠᠨᠳᠠ ᠲᠣᠷᠠᠳᠣᠬᠳᠠᠳᠠᠬ ᠶᠣᠮ᠃ ᠡᠭᠦᠨ ᠤ ᠲᠣᠬᠠᠢ ᠭᠠᠳᠠᠰᠣ ᠠᠴᠠ᠄ ︽ᠰᠢᠳᠢᠳᠦ ᠦᠯᠢᠭᠡᠷ ᠪᠣᠯᠣᠨ ᠲᠣᠮᠤᠬ | ᠦᠯᠢᠭᠡᠷ ᠵᠡᠷᠭᠡ ᠠᠴᠠ ᠪᠢᠳᠡ ᠡᠷᠳᠡ ᠴᠠᠬ ᠲᠤ ᠣᠰᠣ ᠶᠢ ᠲᠣᠬᠳᠠᠮᠠᠯ ᠬᠤᠭᠤᠴᠠᠭ᠎ᠠ ᠲᠠᠢ ᠪᠠᠷ ᠠᠮᠢᠳᠦ ᠬᠦᠮᠦᠨ ᠢᠶᠠᠷ | ᠠᠮᠢᠯᠠᠨ ᠲᠠᠬᠢᠳᠠᠬ ᠪᠠᠶᠢᠬᠰᠠᠨ ᠢ ᠮᠡᠳᠡᠵᠦ ᠪᠣᠯᠣᠨ᠎ᠠ᠃ ᠵᠢᠱᠢᠶᠡᠯᠡᠪᠡᠯ᠄ ︿ᠭᠠᠯ ᠣᠯᠠᠭᠠᠨ ᠬᠠᠭᠠᠨ﹀ ᠭᠡᠬᠦ | ᠦᠯᠢᠭᠡᠷ ᠲᠤ ᠵᠢᠯ ᠪᠦᠷᠢ ᠨᠠᠢᠮᠠᠨ ᠨᠠᠰᠣᠳᠠᠢ ᠬᠡᠦᠬᠡᠳ ᠢᠶᠠᠷ ᠲᠠᠯᠠᠢ ᠲᠠᠬᠢᠳᠠᠬ ᠭᠠᠯ ᠣᠯᠠᠭᠠᠨ ᠬᠠᠭᠠᠨ ᠤ ᠲᠣᠬᠠᠢ | ᠦᠭᠦᠯᠡᠳᠡᠭ᠃ ︿ᠪᠣᠶᠠᠨᠳᠦ ᠬᠦᠦ ᠢᠷᠦᠭᠡᠯᠳᠦ ᠬᠦᠦ﹀ ᠭᠡᠬᠦ ᠦᠯᠢᠭᠡᠷ ᠲᠤ ᠬᠠᠭᠠᠨ ᠵᠢᠯ ᠪᠦᠷᠢ ᠪᠠᠷᠰ ᠵᠢᠯ ᠲᠠᠢ | ᠬᠡᠦᠬᠡᠳ ᠢᠶᠠᠷ ᠲᠠᠯᠠᠢ ᠲᠠᠬᠢᠳᠠᠬ ᠭᠡᠵᠦ ᠦᠭᠦᠯᠡᠪᠡ᠃ ᠡᠨᠡ ᠦᠯᠢᠭᠡᠷ ᠲᠤ ᠬᠦᠮᠦᠨ ᠢ ᠠᠯᠠᠵᠦ ᠲᠠᠯᠠᠢ ᠨᠠᠭᠤᠷ ᠢ | ᠠᠮᠢᠯᠠᠳᠠᠬ ᠵᠠᠩ ᠦᠢᠯᠡ ᠶᠢ ᠨᠡᠯᠢᠶᠡᠳ ᠪᠣᠳᠠᠳᠠᠢ ᠲᠦᠷᠰᠦᠯᠡᠭᠰᠡᠨ ᠨᠢ ᠰᠣᠨᠢᠷᠬᠠᠯᠳᠠᠢ᠃ ᠲᠣᠬᠠᠢᠢᠯᠠᠪᠠᠯ ︿ᠪᠠᠷᠰ | ᠵᠢᠯ ᠲᠠᠢ ᠬᠡᠦᠬᠡᠳ ᠢ ᠠᠯᠠᠵᠦ᠂ ᠡᠪᠴᠢᠭᠦᠦ ᠶᠢ ᠨᠢ ᠬᠠᠳᠠᠭᠠᠳ ᠴᠡᠭᠡᠵᠢᠨ ᠤ ᠬᠦᠨᠳᠡᠢ ᠳᠤᠨᠢ ᠶᠢᠰᠦᠨ ᠡᠷᠳᠡᠨᠢ ᠬᠢᠵᠦ᠂ | ᠲᠦᠷᠪᠡᠨ ᠮᠦᠴᠢ ᠠᠴᠠ ᠨᠢ ᠬᠠᠳᠠᠬ ᠶᠠᠨᠳᠠᠷ ᠵᠡᠭᠦᠯᠭᠡᠭᠡᠳ ᠲᠠᠯᠠᠢ ᠳᠤ ᠬᠠᠶᠠᠳᠠᠬ﹀ ᠭᠡᠵᠦ ᠪᠠᠶᠢᠨ᠎ᠠ᠃ ᠪᠠᠰᠠ | ᠬᠠᠳᠣᠨ ᠭᠤᠣᠯ ᠳᠤ ᠬᠡᠦᠬᠡᠨ ᠣᠨᠠᠵᠦ ᠦᠬᠦᠭᠰᠡᠨ ᠠᠴᠠ ᠲᠡᠭᠡᠵᠦ ᠨᠡᠷᠡᠯᠡᠯ᠎ᠡ ᠭᠡᠬᠦ ᠪᠣᠶᠣ ᠬᠦᠷᠢᠶ᠎ᠡ ᠬᠤᠰᠢᠭᠤᠨ ᠤ | ᠬᠡᠦᠬᠡᠨ ᠭᠤᠣᠯ ᠤᠨ ᠲᠡᠭᠡᠭᠦᠷ ᠰᠠᠬᠰᠣ ᠲᠣᠬᠤᠢᠢᠯᠠᠬᠰᠠᠨ ᠬᠡᠦᠬᠡᠨ ᠬᠦᠮᠦᠨ ᠨᠠᠭᠠᠰᠢ ᠴᠠᠭᠠᠰᠢ ᠵᠣᠷᠴᠢᠨ ᠶᠠᠪᠣᠳᠠᠬ ᠁ | ᠭᠡᠬᠦ ᠮᠡᠳᠦ ᠣᠯᠠᠮᠵᠢᠯᠠᠯ ᠶᠠᠷᠢᠶ᠎ᠠ ᠣᠳᠣ ᠳᠤ ᠲᠣᠯᠳᠠᠯ᠎ᠠ ᠦᠷᠭᠦᠯᠵᠢᠯᠡᠭᠰᠡᠭᠡᠷ ᠪᠠᠶᠢᠨ᠎ᠠ︾ ᠭᠡᠵᠡᠢ᠃ ᠣᠷᠴᠢᠨ | ᠦᠶ᠎ᠡ ᠶᠢᠨ ᠲᠡᠦᠬᠡᠨ ᠳᠤ ᠠᠮᠢᠳᠦ ᠬᠦᠮᠦᠨ ᠢ ᠣᠰᠣᠨ ᠳᠤ ᠣᠷᠬᠢᠬᠤ ᠲᠣᠬᠠᠢ ᠵᠠᠩᠰᠢᠯ ᠪᠠᠶᠢᠬᠤ ᠦᠭᠡᠢ ᠪᠣᠯᠣᠬᠰᠠᠨ | ᠪᠣᠯᠪᠠᠴᠦ ᠦᠬᠦᠭᠰᠡᠳ ᠢ ᠣᠰᠣᠨ ᠳᠤ ᠣᠷᠣᠰᠢᠭᠤᠯᠬᠤ ᠵᠠᠩᠰᠢᠯ ᠣᠳᠣ ᠳᠤ ᠲᠣᠯᠳᠠᠯ᠎ᠠ ᠦᠷᠭᠦᠯᠵᠢᠯᠡᠭᠰᠡᠭᠡᠷ ᠪᠠᠶᠢᠨ᠎ᠠ᠃ | ᠬᠤᠷᠴᠢᠨ ᠤ ᠵᠠᠷᠢᠮ ᠭᠠᠵᠠᠷ ᠣᠷᠣᠨ ᠳᠤ ᠨᠠᠰᠣᠨ ᠲᠣᠮᠳᠠ ᠪᠠᠨ ᠨᠦᠭᠴᠢᠭᠰᠡᠳ᠂ ᠵᠣᠯ ᠪᠣᠰᠣ ᠪᠠᠷ ᠨᠦᠭᠴᠢᠭᠰᠡᠳ᠂ | ᠰᠣᠯᠢᠶ᠎ᠠ ᠡᠪᠡᠳᠴᠢᠨ ᠠᠴᠠ ᠪᠣᠯᠵᠦ ᠨᠦᠭᠴᠢᠭᠰᠡᠨ ᠁ ᠵᠡᠷᠭᠡ ᠶᠢ ᠰᠢᠳᠠᠭᠠᠵᠦ ᠲᠡᠭᠳᠡᠭᠡᠭᠰᠡᠨ ᠴᠢᠨᠳᠠᠷ ᠢ ᠨᠢ | ᠬᠠᠶᠢᠷᠴᠠᠬ ᠲᠤ ᠬᠢᠵᠦ ᠣᠰᠣᠨ ᠳᠤ ᠣᠷᠣᠰᠬᠠᠵᠦ ᠶᠠᠪᠣᠭᠤᠯᠬᠤ ᠭᠡᠳᠡᠭ ᠣᠷᠣᠰᠢᠭᠤᠯᠭ᠎ᠠ ᠶᠢᠨ ᠠᠷᠭ᠎ᠠ ᠪᠠᠶᠢᠳᠠᠬ᠃ | ᠢᠡᠭᠭᠢᠵᠦ ᠣᠷᠣᠰᠢᠭᠤᠯᠣᠬᠰᠠᠨ ᠬᠦᠮᠦᠨ ᠤ ᠡᠪᠡᠳᠴᠢᠨ ᠵᠣᠪᠠᠯᠠᠩ ᠨᠢ ᠴᠢᠨᠳᠠᠷ ᠢᠶᠠᠨ ᠲᠠᠭᠠᠵᠦ ᠣᠰᠣᠨ ᠳᠤ | ᠷᠠᠰᠢᠶᠠᠯᠠᠬᠳᠠᠭᠠᠳ ᠣᠷᠣᠰᠴᠦ ᠶᠠᠪᠣᠳᠠᠬ ᠠᠴᠠ ᠰᠠᠳᠣᠨ ᠲᠦᠷᠦᠯ ᠤᠨ ᠬᠦᠮᠦᠰ ᠲᠤᠨᠢ ᠡᠶᠢᠮᠦᠷᠬᠦᠤ ᠡᠪᠡᠳᠴᠢᠨ | ᠲᠠᠬᠢᠵᠦ ᠢᠯᠡᠷᠡᠬᠦ ᠦᠭᠡᠢ ᠭᠡᠳᠡᠭ ᠶᠣᠰᠣ ᠵᠠᠩᠰᠢᠯ ᠪᠠᠶᠢᠳᠠᠬ ᠶᠣᠮ᠃ ᠲᠡᠶᠢᠨ ᠬᠦ ᠡᠷᠳᠡ ᠴᠠᠬ ᠲᠤ ᠣᠰᠣ ᠶᠢ | ᠠᠮᠢᠯᠠᠬᠤ ᠳᠤ ᠴᠢᠰᠣ᠂ ᠰᠦ ᠵᠡᠷᠭᠡ ᠶᠢ ᠲᠣᠰᠣᠭᠠᠵᠦ ᠰᠠᠴᠣᠬᠤ ᠬᠡᠯᠪᠡᠷᠢ ᠯᠠᠪᠳᠠᠢ ᠪᠠᠶᠢᠬᠰᠠᠨ ᠪᠦᠭᠡᠳ | ᠬᠦᠮᠦᠨᠴᠢᠯᠡᠭᠰᠡᠨ ᠰᠢᠳᠦᠭᠡᠨ ᠠᠴᠠ ᠵᠢᠪᠡᠭᠦᠴᠡᠬᠦ ᠪᠣᠯᠬᠤ ᠶᠢ ᠲᠠᠭᠠᠯᠳᠣᠨ ᠴᠡᠭᠡᠷᠯᠡᠭᠳᠡᠬᠦ ᠪᠣᠯᠵᠠᠢ᠃ | ᠣᠷᠴᠢᠨ ᠦᠶ᠎ᠡ ᠳᠤ ᠮᠣᠩᠭᠤᠯᠴᠣᠳ ᠣᠰᠣ ᠶᠢ ᠣᠪᠣᠭ᠎ᠠ ᠪᠣᠰᠬᠠᠨ ᠲᠠᠬᠢᠬᠤ ᠪᠣᠯᠵᠠᠢ᠃ ᠡᠭᠦᠨ ᠤ ᠲᠣᠬᠠᠢ | ᠭᠠᠳᠠᠰᠣ ᠠᠴᠠ ︽ᠮᠣᠩᠭᠤᠯ ᠣᠷᠣᠨ ᠤ ᠠᠶᠢᠮᠠᠬ ᠶᠠᠰᠣᠳᠠᠨ ᠨᠤᠭᠤᠳ ᠤᠨ ᠬᠤᠭᠤᠷᠣᠨᠳᠣᠬᠢ ᠣᠰᠣ ᠲᠠᠬᠢᠬᠤ ᠬᠡᠯᠪᠡᠷᠢ | ᠪᠠ ᠵᠠᠩ ᠵᠠᠩᠰᠢᠯ ᠨᠢ ᠵᠣᠬᠢᠬᠤ ᠵᠦᠷᠢᠶᠡᠠᠲᠠᠢ ᠮᠦᠷᠳᠡᠭᠡᠨ ᠦᠪᠡᠷ ᠦᠪᠡᠷ ᠤᠨ ᠢᠶᠠᠨ ᠣᠨᠴᠠᠯᠢᠬ ᠲᠠᠢ ᠪᠠᠶᠢᠳᠠᠬ᠃ | ᠵᠢᠱᠢᠶᠡᠯᠡᠪᠡᠯ᠂ ᠵᠠᠷᠢᠮ ᠭᠠᠵᠠᠷ ᠲᠤ ᠣᠪᠣᠭ᠎ᠠ ᠪᠣᠰᠬᠠᠨ ᠣᠰᠣ ᠲᠠᠬᠢᠬᠤ ᠳᠤ ᠵᠠᠷᠢᠮ ᠭᠠᠵᠠᠷ ᠲᠤᠨᠢ ᠰᠦᠮ᠎ᠡ ᠪᠣᠰᠬᠠᠨ | ᠣᠰᠣ ᠲᠠᠬᠢᠳᠠᠬ ᠶᠣᠮ᠃ ᠣᠪᠣᠭ᠎ᠠ ᠪᠣᠰᠬᠠᠨ ᠲᠠᠬᠢᠬᠤ ᠳᠤ ᠪᠣᠯᠠᠬ ᠤᠨ ᠬᠠᠵᠠᠭᠤ ᠳᠤ ᠪᠣᠰᠬᠠᠬᠰᠠᠨ ᠣᠪᠣᠭ᠎ᠠ ᠶᠢ ︿ | ᠪᠣᠯᠠᠬ ᠤᠨ ᠣᠪᠣᠭ᠎ᠠ﹀ ᠭᠡᠵᠦ᠂ ᠷᠠᠰᠢᠶᠠᠨ ᠤ ᠲᠡᠷᠭᠡᠳᠡ ᠪᠣᠰᠬᠠᠬᠰᠠᠨ ᠣᠪᠣᠭ᠎ᠠ ᠶᠢ ︿ᠷᠠᠰᠢᠶᠠᠨ ᠣᠪᠣᠭ᠎ᠠ﹀᠂ | ᠭᠤᠣᠯ ᠤᠨ ᠬᠦᠪᠡᠭᠡᠨ ᠳᠤ ᠪᠣᠰᠬᠠᠬᠰᠠᠨ ᠢ ᠨᠢ ︿ᠭᠤᠣᠯ ᠤᠨ ᠣᠪᠣᠭ᠎ᠠ﹀᠂ ᠨᠠᠭᠤᠷ ᠤᠨ ᠬᠦᠪᠡᠭᠡᠨ ᠳᠤ | ᠪᠣᠰᠬᠠᠬᠰᠠᠨ ᠢ ᠨᠢ ︿ᠨᠠᠭᠤᠷ ᠤᠨ ᠣᠪᠣᠭ᠎ᠠ﹀ ᠁ ᠭᠡᠬᠦ ᠮᠡᠳᠦ ᠪᠠᠷ ᠣᠰᠣ ᠲᠠᠢ ᠬᠠᠮᠢᠶᠠᠳᠠᠬᠰᠠᠨ ᠣᠪᠣᠭ᠎ᠠ ᠲᠣᠩ | ᠣᠯᠠᠨ ᠪᠠᠶᠢᠳᠠᠬ᠃ ᠡᠷᠳᠡ ᠳᠤ ᠣᠰᠣᠨ ᠤ ᠣᠪᠣᠭ᠎ᠠ ᠶᠢ ᠪᠣᠰᠬᠠᠬᠤ ᠳᠤ ᠠᠮᠢ ᠪᠠᠷ ᠱᠠᠩ ᠲᠠᠷᠣᠵᠦ ᠪᠣᠰᠬᠠᠵᠦ | ᠪᠠᠶᠢᠬᠰᠠᠨ ᠲᠣᠬᠠᠢ ᠵᠠᠷᠢᠮ ᠨᠣᠮ ᠪᠢᠴᠢᠭ ᠲᠤ ᠲᠡᠮᠳᠡᠭᠯᠡᠵᠦ ᠪᠠᠶᠢᠨ᠎ᠠ᠃ ᠬᠠᠨᠭ᠍ᠭᠢᠨ ᠤ ᠬᠠᠷ᠎ᠠ ᠮᠠᠩᠨᠠᠢ ᠨᠠᠭᠤᠷ ᠤᠨ | ᠬᠤᠶᠢᠳᠦ ᠣᠷᠣᠢ ᠳᠤ ᠪᠢᠳᠡᠭᠦᠦ ᠬᠠᠷ᠎ᠠ ᠬᠠᠯᠳᠠᠷ ᠬᠦᠮᠦᠨ ᠢ ᠠᠮᠢᠳᠦ ᠪᠠᠷ ᠨᠢ ᠪᠣᠯᠠᠵᠦ ᠠᠯᠳᠠᠨ ᠣᠪᠣᠭ᠎ᠠ ᠪᠣᠰᠬᠠᠯ᠎ᠠ | ᠭᠡᠳᠡᠭ᠃ ᠬᠤᠵᠢᠮ ᠨᠢ ᠣᠰᠣᠨ ᠤ ᠬᠠᠵᠠᠭᠤ ᠳᠤ ᠰᠦᠮ᠎ᠡ ᠪᠣᠰᠬᠠᠵᠦ ᠲᠠᠬᠢᠬᠤ ᠨᠢ ᠬᠤᠷᠴᠢᠨ ᠳᠤ ᠵᠦᠡᠭᠳᠡᠭᠡᠨ | ᠬᠠᠷᠠᠬᠳᠠᠳᠠᠬ ᠪᠤᠯᠪᠠ᠃ ᠡᠨᠡ ᠨᠢ ᠦᠨᠡᠨ ᠳᠡᠭᠡᠨ ᠰᠢᠷ᠎ᠡ ᠶᠢᠨ ᠱᠠᠰᠢᠨ ᠮᠣᠩᠭᠤᠯ ᠣᠷᠣᠨ ᠳᠤ | ᠣᠯᠠᠮᠵᠢᠯᠠᠬᠳᠠᠬᠰᠠᠨ ᠠᠴᠠ ᠰᠡᠬᠦᠯᠡᠷᠬᠢ ᠣᠴᠢᠷ ᠪᠣᠯᠵᠠᠢ᠃ ᠬᠤᠷᠴᠢᠨᠴᠣᠳ ᠡᠭᠦᠨ ᠢᠶᠠᠨ ᠯᠣᠣᠰ ᠤᠨ ᠰᠦᠮ᠎ᠡ ᠭᠡᠵᠦ | ᠶᠠᠷᠢᠳᠠᠬ ᠶᠣᠮ︾ ᠭᠡᠵᠡᠢ᠃ ᠠᠷᠪᠠᠨ ᠵᠢᠷᠭᠤᠳᠣᠭᠠᠷ ᠵᠠᠭᠤᠨ ᠤ ᠲᠣᠮᠳᠠᠴᠢ ᠪᠠᠷ ᠰᠢᠷ᠎ᠠ ᠶᠢᠨ ᠱᠠᠰᠢᠨ ᠨᠢ ᠮᠣᠩᠭᠤᠯ | ᠣᠷᠣᠨ ᠢᠶᠠᠷ ᠨᠡᠶᠢᠳᠡᠮ ᠲᠡᠯᠭᠡᠷᠡᠭᠰᠡᠨ ᠠᠴᠠ ᠰᠢᠷ᠎ᠠ ᠶᠢᠨ ᠱᠠᠰᠢᠨ ᠤ ︽ᠠᠮᠢ ᠦᠯᠦ ᠲᠠᠰᠣᠯᠬᠤ︾ ᠭᠡᠬᠦ ᠨᠣᠮᠯᠠᠯ ᠢᠶᠠᠷ | ᠮᠣᠩᠭᠤᠯ ᠤᠨ ᠠᠷᠠᠳ ᠲᠦᠮᠡᠨ ᠤ ᠪᠦᠭᠡ ᠮᠦᠷᠭᠦᠯ ᠤᠨ ᠵᠠᠷᠢᠮ ᠵᠠᠩ ᠦᠢᠯᠡ᠂ ᠬᠠᠷᠬᠢᠰ ᠬᠤᠴᠣᠷᠣᠩᠭᠤᠢ | ᠬᠤᠶᠢᠯᠭ᠎ᠠ ᠶᠢᠨ ᠶᠣᠰᠣ᠂ ᠠᠮᠢᠳᠦ ᠬᠦᠮᠦᠨ ᠪᠠ ᠠᠳᠣᠭᠤᠰᠣ ᠮᠠᠯ ᠢᠶᠠᠷ ᠣᠰᠣ᠂ ᠭᠤᠣᠯ ᠮᠦᠷᠡᠨ ᠤ ᠠᠮᠢᠯᠠᠭ᠎ᠠ | ᠲᠠᠬᠢᠯᠭ᠎ᠠ᠂ ᠣᠪᠣᠭ᠎ᠠ ᠭᠠᠯ ᠵᠡᠷᠭᠡ ᠶᠢᠨ ᠠᠮᠢᠯᠠᠭ᠎ᠠ ᠲᠠᠬᠢᠯᠭ᠎ᠠ ᠶᠢᠨ ᠬᠠᠭᠤᠴᠢᠨ ᠵᠠᠩ ᠦᠢᠯᠡ ᠶᠢ ᠵᠠᠰᠠᠨ | ᠦᠭᠡᠷᠡᠴᠢᠯᠡᠵᠦ᠂ ᠣᠯᠠᠮᠵᠢᠯᠠᠯ ᠵᠠᠩ ᠦᠢᠯᠡ ᠶᠢᠨ ᠵᠠᠷᠢᠮ ᠵᠦᠢᠯ ᠢ ᠵᠠᠯᠭᠠᠮᠵᠢᠯᠠᠨ ᠲᠡᠭᠦᠨ ᠳᠤ ᠰᠢᠷ᠎ᠠ ᠶᠢᠨ ᠱᠠᠰᠢᠨ ᠤ | ᠰᠢᠨ᠎ᠡ ᠠᠭᠤᠯᠭ᠎ᠠ ᠶᠢ ᠰᠢᠩᠭᠡᠭᠡᠨ ᠣᠷᠣᠭᠤᠯᠵᠦ᠂ ᠣᠰᠣ ᠲᠠᠬᠢᠬᠤ᠂ ᠣᠪᠣᠭ᠎ᠠ ᠲᠠᠬᠢᠬᠤ᠂ ᠱᠠᠩᠰᠢ ᠲᠠᠬᠢᠬᠤ᠂ ᠯᠣᠣᠰ | ᠲᠠᠬᠢᠬᠤ ᠵᠡᠷᠭᠡ ᠳᠤ ᠯᠠᠮᠠ ᠨᠠᠷ ᠠᠴᠠ ᠨᠣᠮ ᠲᠠᠷᠨᠢ ᠣᠡᠭᠰᠢᠵᠦ ᠲᠠᠬᠢᠯ ᠪᠠᠯᠢᠩ ᠡᠷᠭᠦᠬᠦ᠂ ᠪᠣᠮ ᠲᠠᠷᠣᠬᠤ ᠵᠡᠷᠭᠡ ᠪᠠᠷ | ᠦᠭᠡᠷᠡᠴᠢᠯᠡᠪᠡ᠃ | ᠲᠡᠭᠡᠷᠡᠬᠢ ᠰᠣᠷᠪᠣᠯᠵᠢᠯᠠᠭ᠎ᠠ ᠠᠴᠠ ᠦᠵᠡᠪᠡᠯ᠂ ᠣᠰᠣᠨ ᠤ ᠰᠢᠳᠦᠯᠭᠡ ᠨᠢ ᠬᠤᠵᠢᠮᠳᠠᠵᠦ ᠢᠷᠡᠭᠡᠳ ᠣᠰᠣᠨ ᠤ | ᠰᠢᠳᠦᠯᠭᠡ᠂ ᠣᠪᠣᠭ᠎ᠠ ᠰᠢᠳᠦᠯᠭᠡ᠂ ᠯᠣᠣᠰ ᠤᠨ ᠰᠢᠳᠦᠯᠭᠡ ᠶᠢᠨ ᠬᠡᠯᠪᠡᠷᠢ ᠪᠠᠷ ᠣᠯᠠᠷᠢᠵᠦ ᠬᠤᠪᠢᠷᠠᠬᠰᠠᠨ ᠭᠡᠳᠡᠭ ᠢ | ᠮᠡᠳᠡᠵᠦ ᠪᠣᠯᠣᠨ᠎ᠠ᠃ ᠣᠰᠣᠨ ᠤ ᠰᠢᠳᠦᠯᠭᠡ ᠳᠤ ᠷᠠᠰᠢᠶᠠᠨ ᠪᠣᠯᠠᠬ ᠲᠤ ᠶᠡᠬᠡᠪᠴᠢᠯᠡᠨ ᠬᠠᠳᠠᠬ ᠲᠠᠯᠣ ᠶᠢᠨ ᠶᠠᠰᠣ | ᠲᠡᠷᠢᠭᠦᠳᠡᠨ ᠢ ᠣᠯᠠᠨ ᠢᠶᠠᠷ ᠵᠡᠭᠦᠵᠦ᠂ ᠲᠡᠭᠦᠨ ᠤ ᠡᠬᠢᠨ ᠳᠤ ᠶᠠᠭᠤᠮ᠎ᠠ ᠣᠬᠢᠶᠠᠬᠤ᠂ ᠬᠤᠬ ᠪᠣᠷᠳᠠᠬ ᠬᠠᠶᠠᠬᠤ᠂ ᠰᠦ | ᠴᠠᠭᠠᠨ ᠢᠳᠡᠭᠡ ᠲᠣᠰᠣᠭᠠᠬᠤ ᠵᠡᠷᠭᠡ ᠶᠢ ᠶᠡᠬᠡᠳᠡ ᠴᠡᠭᠡᠷᠯᠡᠬᠦ ᠪᠦᠭᠡᠳ ᠮᠠᠯ ᠪᠠ ᠬᠦᠮᠦᠨ ᠡᠪᠡᠳᠴᠢᠯᠡᠵᠦ ᠡᠪᠡᠳᠬᠦ | ᠲᠣᠬᠢᠶᠠᠯᠳᠣᠯ ᠳᠤ ᠷᠠᠰᠢᠶᠠᠨ ᠣᠰᠣᠨ ᠳᠤ ᠡᠯᠳᠡᠪ ᠬᠤᠷᠢᠭ᠎ᠠ ᠴᠡᠭᠡᠷ ᠲᠠᠢ ᠶᠠᠭᠤᠮ᠎ᠠ ᠣᠷᠣᠭᠤᠯᠣᠬᠰᠠᠨ ᠠᠴᠠ ᠭᠠᠵᠠᠷ | ᠣᠰᠣ ᠲᠣᠬᠰᠢᠷᠠᠯᠠ ᠭᠡᠵᠦ ᠣᠢᠢᠯᠠᠭᠠᠳᠠᠬ ᠪᠠᠶᠢᠵᠠᠢ᠃ ᠣᠰᠣᠨ ᠳᠤ ᠰᠦ ᠴᠠᠭᠠᠨ ᠢᠳᠡᠭᠡ ᠲᠣᠰᠤᠭᠠᠬᠤ ᠶᠢ | ᠴᠡᠭᠡᠷᠯᠡᠬᠦ ᠨᠢ ᠭᠠᠵᠠᠷ ᠣᠰᠣ ᠲᠣᠬᠰᠢᠷᠠᠬᠤ ᠠᠴᠠ ᠴᠡᠭᠡᠷᠯᠡᠭᠰᠡᠨ ᠰᠠᠨᠠᠭ᠎ᠠ ᠪᠠᠶᠢᠳᠠᠬ᠃ | ᠬᠤᠷᠴᠢᠨ ᠳᠤ ᠣᠷᠣᠰᠣᠮᠠᠯ ᠣᠰᠣᠨ ᠳᠤ ᠰᠢᠭᠡᠵᠦ ᠭᠠᠳᠠᠭᠠᠯᠠᠪᠠᠯ ᠡᠵᠢ ᠶᠢᠨ ᠬᠢᠨᠢ ᠬᠦᠬᠦᠨ ᠲᠡᠭᠡᠷ᠎ᠡ ᠨᠢ ᠶᠠᠷ᠎ᠠ | ᠰᠢᠷᠬ᠎ᠠ ᠭᠠᠷᠣᠨ᠎ᠠ ᠭᠡᠵᠦ ᠬᠡᠦᠬᠡᠳ ᠪᠠᠭᠠᠴᠣᠳ ᠲᠤ ᠰᠠᠨᠠᠭᠤᠯᠳᠠᠬ ᠠᠴᠠ ᠭᠠᠳᠠᠨ᠎ᠠ ᠣᠰᠣ ᠭᠤᠣᠯ ᠤᠨ ᠬᠠᠵᠠᠭᠤ ᠳᠤ | ᠡᠯᠳᠡᠪ ᠡᠰᠡᠨ ᠮᠠᠭᠤ ᠦᠭᠡ ᠶᠠᠷᠢᠵᠦ ᠪᠣᠯᠬᠤ ᠦᠭᠡᠢ᠂ ᠣᠷᠣᠰᠴᠦ ᠪᠠᠶᠢᠭ᠎ᠠ ᠣᠰᠣ ᠶᠢ ᠪᠠᠰᠣᠨ ᠶᠠᠷᠢᠪᠠᠯ ᠦᠶᠡᠷ | ᠪᠠᠭᠤᠵᠦ ᠭᠠᠮᠰᠢᠬ ᠪᠣᠯᠣᠨ᠎ᠠ ᠭᠡᠬᠦ ᠵᠡᠷᠭᠡ ᠶᠢᠨ ᠴᠡᠭᠡᠷ ᠶᠣᠰᠣ ᠪᠠᠶᠢᠳᠠᠬ ᠶᠣᠮ᠃ ᠬᠤᠷᠴᠢᠨ ᠤ ᠵᠠᠷᠢᠮ ᠭᠠᠵᠠᠷ | ᠣᠷᠣᠨ ᠳᠤ ᠣᠳᠣᠬᠠᠨ ᠪᠣᠯᠳᠠᠯ᠎ᠠ ᠣᠰᠣ ᠶᠢᠨ ᠲᠠᠬᠢᠯᠭ᠎ᠠ ᠶᠢᠨ ᠬᠡᠯᠪᠡᠷᠢ ᠨᠢ ᠪᠣᠯᠠᠬ ᠲᠠᠬᠢᠬᠤ᠂ ᠬᠤᠳᠳᠤᠬ ᠲᠠᠬᠢᠬᠤ᠂ | ᠨᠠᠭᠤᠷ ᠲᠠᠬᠢᠬᠤ ᠵᠡᠷᠭᠡ ᠶᠢᠨ ᠵᠠᠩ ᠦᠢᠯᠡ ᠶᠢᠨ ᠬᠡᠯᠪᠡᠷᠢ ᠪᠠᠷ ᠦᠷᠭᠦᠯᠵᠢᠯᠡᠭᠰᠡᠭᠡᠷ ᠪᠠᠶᠢᠨ᠎ᠠ᠃ | ᠬᠤᠷᠴᠢᠨ ᠤ ᠨᠠᠭᠤᠷ ᠪᠣᠯᠠᠬ ᠲᠠᠬᠢᠬᠤ ᠵᠠᠩ ᠦᠢᠯᠡ | ᠬᠤᠷᠴᠢᠨ ᠤ ᠵᠠᠷᠢᠮ ᠭᠠᠵᠠᠷ ᠲᠤ ᠪᠣᠯᠠᠬ ᠢ ᠣᠪᠣᠭ᠎ᠠ ᠪᠣᠰᠬᠠᠨ ᠲᠠᠬᠢᠳᠠᠬ ᠪᠠᠶᠢᠬᠰᠠᠨ ᠭᠡᠨ᠎ᠡ᠃ ᠪᠣᠯᠠᠬ ᠲᠠᠬᠢᠵᠦ | ᠪᠠᠶᠢᠭ᠎ᠠ ᠨᠢ ᠭᠤᠣᠯᠳᠠᠭᠤ ᠪᠣᠯᠠᠬ ᠤᠨ ᠣᠰᠣᠨ ᠤ ᠡᠵᠡᠳ ᠰᠠᠬᠢᠭᠤᠰᠣ ᠶᠢ ᠪᠠᠶᠠᠷᠯᠠᠭᠤᠯᠵᠦ ᠬᠤᠷ᠎ᠠ ᠪᠣᠷᠣᠭᠠᠨ ᠢ ᠲᠡᠭᠰᠢ | ᠪᠠᠶᠢᠯᠭᠠᠨ᠂ ᠠᠳᠣᠭᠤ ᠮᠠᠯ ᠲᠠᠷᠭᠤ ᠬᠦᠴᠦ ᠲᠠᠢ ᠪᠠᠶᠢᠬᠤ ᠶᠢ ᠲᠠᠭᠠᠳᠬᠠᠬᠰᠠᠨ ᠵᠠᠩ ᠦᠢᠯᠡ ᠪᠣᠯᠣᠨ᠎ᠠ᠃ | ᠭᠠᠳᠠᠰᠣ ᠶᠢᠨ ᠬᠠᠭᠤᠴᠢᠯᠠᠬᠰᠠᠨ ᠢᠶᠠᠷ᠄ ︽ᠬᠦᠷᠢᠶ᠎ᠡ ᠬᠤᠰᠢᠭᠤᠨ ᠤ ᠮᠠᠩᠬᠠᠨ ᠰᠣᠮᠣᠨ ᠤ ᠲᠠᠪᠤᠨᠮᠣᠳᠣ ᠭᠠᠴᠠᠭ᠎ᠠ ᠶᠢᠨ | ᠴᠣᠬᠴᠢᠭᠦᠦ ᠭᠡᠳᠡᠭ ᠠᠶᠢᠯ ᠳᠤ ᠣᠷᠢᠳᠦ ᠳᠠᠭᠠᠨ ᠬᠤᠶᠠᠷ ᠶᠡᠭᠡ ᠮᠣᠳᠣᠨ ᠲᠦᠡᠭ ᠪᠠᠶᠢᠵᠠᠢ᠃ ᠠᠶᠢᠯ ᠤᠨ ᠵᠡᠭᠦᠨ | ᠡᠮᠦᠨ᠎ᠡ ᠵᠠᠬ᠎ᠠ ᠳᠤ ᠪᠠᠶᠢᠭ᠎ᠠ ᠶᠢ ᠨᠢ ᠮᠡᠶᠢᠷᠡᠨ ᠲᠦᠡᠭ ᠭᠡᠵᠦ ᠨᠡᠷᠡᠯᠡᠵᠦ ᠪᠠᠶᠢᠬᠰᠠᠨ ᠶᠣᠮ᠃ ᠡᠨᠡ ᠲᠦᠡᠭ ᠤᠨ | ᠲᠣᠮᠳᠠ ᠨᠢ ᠲᠣᠯᠢ ᠰᠢᠬ ᠲᠣᠩᠭᠠᠯᠠᠬ ᠶᠡᠭᠡ ᠨᠠᠭᠤᠷ ᠲᠠᠢ ᠪᠠᠶᠢᠬᠰᠠᠨ ᠪᠦᠭᠡᠳ ᠡᠨᠡ ᠨᠠᠭᠤᠷ ᠤᠨ ᠪᠠᠷᠠᠭᠤᠨ ᠬᠤᠶᠢᠳᠦ | ᠬᠦᠪᠡᠭᠡ ᠶᠢᠨ ᠲᠣᠪᠣᠷᠬᠠᠬ ᠤᠨ ᠡᠩᠭᠡᠷ ᠠᠴᠠ ᠠᠮᠢᠳᠦ ᠪᠣᠯᠠᠬ ᠣᠷᠭᠢᠯᠵᠦ ᠡᠨᠡ ᠨᠠᠭᠤᠷ ᠲᠤ ᠣᠷᠣᠰᠣᠨ ᠣᠷᠣᠳᠠᠬ | ᠪᠠᠶᠢᠬᠰᠠᠨ ᠶᠣᠮ᠃ ᠨᠠᠭᠤᠷ ᠤᠨ ᠲᠣᠮᠳᠠ ᠨᠢ ᠣᠰᠣ ᠭᠦᠨ ᠪᠣᠯᠬᠤᠷ ᠡᠪᠡᠰᠦ ᠣᠷᠭᠤᠮᠠᠯ ᠣᠷᠭᠤᠳᠠᠬ ᠦᠭᠡᠢ᠂ | ᠬᠠᠷᠢᠨ ᠬᠦᠪᠡᠭᠡ ᠵᠠᠬ᠎ᠠ ᠪᠠᠷ ᠨᠢ ᠬᠤᠯᠣᠰᠣ ᠵᠡᠭᠡᠰᠦ᠂ ᠮᠣᠳᠣ ᠪᠣᠷᠭᠠᠰᠣ ᠢᠬᠴᠦᠷᠠᠨ ᠣᠷᠭᠤᠭᠠᠳ ᠨᠡᠳᠦ᠋ᠢᠨ | ᠬᠠᠷᠠᠯᠠᠵᠦ᠂ ᠣᠨᠢᠶᠠᠷ ᠬᠦᠳᠡᠩ ᠲᠠᠳᠠᠭᠠᠳ ᠲᠣᠩ ᠰᠦᠷ ᠲᠠᠢ ᠪᠠᠶᠢᠳᠠᠬ᠃ ᠡᠨᠡ ᠨᠠᠭᠤᠷ ᠤᠨ ᠵᠡᠬᠦᠨ ᠲᠣᠪᠣᠷᠬᠠᠬ | ᠲᠡᠭᠡᠷ᠎ᠡ ︿ᠴᠣᠬᠤᠷ ᠬᠠᠯᠬ᠎ᠠ﹀ ᠶᠢᠨ ᠬᠤᠰᠢᠭᠤᠨ ᠤ ᠮᠠᠶᠢᠷᠡᠨ ᠨᠣᠳᠣᠬᠯᠠᠵᠦ ᠪᠠᠶᠢᠬᠰᠠᠨ ᠠᠴᠠ ᠡᠨᠡ ᠬᠦ ᠭᠠᠵᠠᠷ ᠢ | ᠮᠡᠶᠢᠷᠡᠨ ᠲᠦᠡᠭ ᠭᠡᠵᠦ ᠨᠡᠷᠡᠯᠡᠭᠰᠡᠨ ᠶᠣᠮ᠃ ᠮᠡᠶᠢᠷᠡᠨ ᠨᠣᠶᠠᠨ ᠠᠴᠠ ᠡᠨᠡ ᠨᠠᠭᠤᠷ ᠪᠠ ᠠᠮᠢᠳᠦ ᠪᠣᠯᠠᠬ ᠢ ᠠᠮᠢᠯᠠᠨ | ᠲᠠᠬᠢᠵᠦ ᠨᠠᠭᠤᠷ ᠤᠨ ᠲᠡᠷᠭᠡᠳᠡ ᠡᠬᠡᠨᠡᠷ ᠪᠦᠰᠡᠭᠦ᠋ᠢᠴᠣᠳ ᠤᠨ ᠣᠴᠢᠬᠤ ᠶᠢ ᠴᠡᠭᠡᠷᠯᠡᠭᠦᠯᠵᠦ ᠪᠠᠶᠢᠪᠠ᠃ ᠡᠨᠡ ᠪᠣᠯᠠᠬ | ᠪᠠ ᠨᠠᠭᠤᠷ ᠤᠨ ᠣᠰᠣ ᠨᠢ ᠡᠪᠦᠯ ᠳᠡᠭᠡᠨ ᠴᠦ ᠬᠦᠯᠳᠡᠬᠦ ᠦᠭᠡᠢ ᠪᠣᠯᠬᠤᠷ ᠪᠣᠯᠠᠬ ᠢ ︿ᠠᠮᠢᠳᠦ ᠪᠣᠯᠠᠬ﹀ ᠭᠡᠵᠦ | ᠨᠡᠷᠡᠯᠡᠭᠰᠡᠨ ᠶᠣᠮ᠃ ᠰᠣᠨᠣᠰᠣᠯᠳᠠ ᠪᠠᠷ ᠮᠡᠶᠢᠷᠡᠨ ᠨᠣᠶᠠᠨ ᠠᠴᠠ ᠠᠮᠢᠳᠦ ᠪᠣᠯᠠᠬ ᠤᠨ ᠢᠶᠠᠨ ᠬᠠᠵᠠᠭᠤ ᠳᠤ ᠵᠢᠵᠢᠭᠬᠡᠨ | ᠴᠢᠯᠠᠭᠤᠨ ᠣᠪᠣᠭ᠎ᠠ ᠪᠣᠰᠬᠠᠵᠦ ᠪᠣᠷᠭᠠᠰᠣ ᠮᠣᠳᠣ ᠪᠠᠷ ᠴᠢᠮᠡᠵᠦ᠂ ᠡᠮᠦᠨ᠎ᠡ ᠨᠢ ᠢᠳᠡᠭᠡ ᠵᠢᠮᠢᠰ ᠦᠷᠦᠵᠦ᠂ ᠴᠢᠯᠠᠭᠤᠨ | ᠶᠡᠨᠳᠡᠷ ᠵᠣᠬᠢᠶᠠᠵᠦ ᠵᠠᠰᠠᠭᠠᠳ ᠨᠠᠭᠤᠷ ᠪᠠ ᠪᠣᠯᠠᠬ ᠢᠶᠠᠨ ᠲᠠᠬᠢᠳᠠᠬ ᠪᠠᠶᠢᠬᠰᠠᠨ ᠭᠡᠨ᠎ᠡ᠃ ᠡᠨᠡ ᠬᠦ ᠨᠠᠭᠤᠷ ᠪᠣᠯᠣᠨ | ᠪᠣᠯᠠᠬ ᠢᠶᠠᠨ ᠲᠠᠬᠢᠬᠤ ᠳᠠᠭᠠᠨ ᠣᠷᠢᠳᠠ ᠡᠳᠦᠷ ᠨᠢ ᠮᠡᠶᠢᠷᠡᠨ ᠨᠣᠶᠠᠨ ᠠᠴᠠ ᠦᠪᠡᠷ ᠤᠨ ᠪᠡᠶ᠎ᠡ ᠪᠠᠷ ᠢᠶᠠᠨ ᠠᠯᠪᠠᠳᠦ ᠪᠠᠨ | ᠲᠠᠭᠠᠭᠤᠯᠵᠦ ᠪᠣᠯᠠᠬ ᠤᠨ ᠲᠡᠷᠭᠡᠳᠡ ᠣᠴᠢᠵᠦ ᠵᠢᠵᠢᠭ ᠣᠪᠣᠭ᠎ᠠ ᠪᠠᠨ ᠵᠠᠰᠠᠵᠦ ᠴᠢᠮᠡᠭᠡᠳ ᠰᠠᠩ ᠣᠭᠤᠬᠢᠭᠤᠯᠣᠨ᠂ | ᠬᠠᠵᠠᠭᠤᠳᠠᠬᠢ ᠵᠢᠵᠢᠭ ᠮᠣᠳᠣᠨ ᠲᠡᠭᠡᠷ᠎ᠡ ᠨᠢ ᠬᠠᠳᠠᠬ ᠰᠠᠮᠪᠠᠢ ᠡᠯᠭᠦᠵᠦ ᠲᠠᠬᠢᠯᠭ᠎ᠠ ᠶᠢᠨ ᠪᠡᠯᠡᠳᠭᠡᠯ ᠠᠵᠢᠯ ᠢᠶᠠᠨ | ᠬᠢᠳᠡᠭ ᠪᠠᠶᠢᠵᠠᠢ᠃ ᠪᠣᠯᠠᠬ ᠲᠠᠬᠢᠬᠤ ᠡᠳᠦᠷ ᠪᠣᠯᠬᠤ ᠪᠠᠷ ᠣᠢᠢᠷ᠎ᠠ ᠣᠷᠴᠢᠮ ᠤᠨ ᠠᠶᠢᠯ ᠣᠰᠣᠨ ᠤ ᠬᠢᠨᠢ ᠢᠷᠡᠵᠦ | ᠪᠣᠯᠠᠬ ᠲᠠᠬᠢᠬᠤ ᠳᠤ ᠣᠷᠣᠯᠴᠠᠳᠠᠬ ᠪᠠᠶᠢᠬᠰᠠᠨ ᠭᠡᠨ᠎ᠡ᠃ ᠮᠡᠶᠢᠷᠡᠨ ᠨᠣᠶᠠᠨ ᠠᠴᠠ ᠬᠦᠵᠢ ᠠᠰᠠᠭᠠᠨ ᠰᠦᠨ ᠰᠠᠴᠣᠯᠢ | ᠡᠷᠭᠦᠵᠦ ᠠᠷᠢᠬᠢ ᠴᠠᠭᠠᠨ ᠢᠳᠡᠭᠡ ᠲᠡᠷᠢᠭᠦᠳᠡᠨ ᠢ ᠵᠢᠵᠢᠭ ᠣᠪᠣᠭ᠎ᠠ ᠶᠢᠨ ᠶᠡᠨᠳᠡᠷ ᠲᠡᠭᠡᠷ᠎ᠡ ᠦᠷᠦᠵᠦ ᠲᠠᠯᠪᠢᠭᠠᠳ | ᠪᠣᠯᠠᠬ ᠲᠠᠭᠠᠨ ᠨᠠᠮᠠᠨᠴᠢᠯᠠᠨ ᠮᠦᠷᠭᠦᠬᠦ ᠳᠤ ᠠᠶᠢᠯ ᠤᠨ ᠣᠯᠠᠨ ᠢᠶᠠᠷ ᠢᠶᠠᠨ ᠪᠣᠯᠠᠬ ᠤᠨ ᠲᠣᠩᠭᠠᠯᠠᠬ ᠣᠰᠣ ᠶᠢ ᠷᠠᠰᠢᠶᠠᠨ | ᠪᠣᠯᠭᠠᠠ ᠣᠣᠭᠤᠵᠦ ᠪᠣᠯᠠᠬ ᠤᠨ ᠣᠰᠣ ᠶᠢ ᠮᠠᠩᠨᠠᠢ ᠳᠠᠭᠠᠨ ᠲᠦᠷᠬᠢᠳᠡᠭ ᠪᠠᠶᠢᠵᠠᠢ᠃ ᠪᠠᠰᠠ ᠵᠠᠷᠢᠮ ᠵᠢᠯ ᠳᠡᠭᠡᠨ | ᠪᠣᠯᠠᠬ ᠲᠠᠬᠢᠬᠰᠠᠨ ᠨᠠᠶᠢᠷ ᠨᠠᠭᠠᠳᠣᠮ ᠶᠠᠪᠣᠬᠳᠠᠭᠤᠯᠳᠠᠬ ᠪᠠᠶᠢᠬᠰᠠᠨ ᠭᠡᠨ᠎ᠡ᠃ ᠬᠤᠷᠴᠢᠨ ᠳᠤ ᠪᠣᠯᠠᠬ ᠤᠨ ᠣᠰᠣᠨ ᠳᠤ | ᠡᠮᠡᠭᠳᠡᠢ ᠬᠦᠮᠦᠨ ᠣᠷᠣᠵᠦ ᠪᠡᠶ᠎ᠡ ᠣᠬᠢᠶᠠᠬᠤ ᠶᠢ ᠴᠡᠭᠡᠷᠯᠡᠳᠡᠭ ᠶᠣᠰᠣ ᠪᠠᠶᠢᠳᠠᠬ᠃ ᠰᠣᠨᠣᠰᠣᠯᠳᠠ ᠪᠠᠷ ᠰᠣᠶᠣᠯ ᠤᠨ | ᠶᠡᠭᠡ ᠬᠤᠪᠢᠰᠬᠠᠯ ᠤᠨ ᠦᠶ᠎ᠡ ᠳᠤ ᠮᠠᠶᠢᠷᠠᠨ ᠨᠣᠶᠠᠨ ᠤ ᠲᠠᠬᠢᠵᠦ ᠪᠠᠶᠢᠬᠰᠠᠨ ᠠᠮᠢᠳᠦ ᠪᠣᠯᠠᠬ ᠤᠨ ᠣᠰᠣᠨ ᠳᠤ ᠨᠢᠭᠡᠨ | ᠡᠮᠡᠭᠳᠡᠢ ᠰᠦᠨᠢ ᠪᠠᠷ ᠣᠷᠣᠵᠦ ᠣᠮᠪᠠᠭᠠᠳ ᠲᠣᠳᠣᠷ ᠬᠤᠪᠴᠠᠰᠣ ᠪᠠᠨ ᠣᠬᠢᠶᠠᠬᠰᠠᠨ ᠠᠴᠠ ᠪᠣᠯᠵᠦ ᠠᠮᠢᠳᠦ ᠪᠣᠯᠠᠬ | ᠰᠣᠬᠤᠷᠠᠯᠠ ᠭᠡᠵᠦ ᠨᠣᠳᠤᠬ ᠤᠨ ᠨᠠᠰᠣᠳᠠᠶᠢᠴᠣᠣᠯ ᠠᠴᠠ ᠣᠳᠣᠬᠠᠨ ᠪᠣᠯᠳᠠᠯ᠎ᠠ ᠨᠡᠷ᠎ᠠ ᠲᠠᠢ ᠵᠢᠰᠣ ᠲᠠᠢ ᠨᠢ | ᠬᠠᠭᠤᠴᠢᠯᠠᠨ ᠶᠠᠷᠢᠬᠠᠰᠠᠭᠠᠷ ᠪᠠᠶᠢᠨ᠎ᠠ︾ ᠭᠡᠵᠡᠢ᠃ | ᠨᠠᠭᠤᠷ ᠪᠣᠯᠠᠬ ᠢ ᠲᠠᠬᠢᠬᠤ ᠳᠠᠭᠠᠨ ᠠᠯᠠᠰᠢ ᠭᠠᠷᠭᠠᠨ ᠰᠢᠭᠦᠰᠦ ᠲᠠᠯᠪᠢᠳᠠᠬ ᠦᠭᠡᠢ ᠭᠡᠳᠡᠭ᠃ ᠬᠠᠷᠢᠨ ᠴᠠᠭᠠᠨ | ᠢᠳᠡᠭᠡᠨ ᠤ ᠵᠦᠢᠯ ᠢ ᠨᠠᠭᠤᠷ ᠪᠣᠯᠠᠬ ᠲᠤ ᠡᠷᠭᠦᠨ ᠰᠡᠷᠵᠢᠮᠯᠡᠵᠦ ᠪᠣᠷᠣᠭᠠᠨ ᠬᠤᠷ᠎ᠠ ᠬᠦᠰᠡᠵᠦ ᠪᠠᠶᠢᠭ᠎ᠠ ᠰᠡᠳᠭᠢᠯᠭᠡ ᠪᠠᠨ | ᠢᠯᠡᠷᠡᠭᠦᠯᠵᠦ ᠪᠣᠷᠣᠭᠠᠨ ᠣᠷᠣᠭᠤᠯᠵᠦ ᠦᠭᠬᠦ ᠶᠢ ᠬᠦᠰᠡᠮᠵᠢᠯᠡᠨ ᠲᠠᠭᠠᠳᠬᠠᠳᠠᠬ ᠪᠠᠶᠢᠵᠠᠢ᠃ ᠡᠨᠠ ᠬᠦ ᠲᠠᠬᠢᠯᠭ᠎ᠠ ᠠᠴᠠ | ᠭᠠᠳᠠᠨ᠎ᠠ ᠬᠤᠷᠴᠢᠨ ᠨᠣᠳᠤᠬ ᠲᠤ ᠪᠠᠰᠠ ︽ᠬᠡᠳᠦᠨ ᠬᠤᠳᠠ ᠠᠶᠢᠯ ᠤᠨ ᠡᠷᠦᠬᠡ ᠪᠦᠷᠢ ᠶᠢᠨ ᠡᠷᠡᠭᠳᠡᠶᠢᠴᠣᠳ ᠪᠠᠶᠠᠨ | ᠶᠠᠳᠠᠭᠤ ᠭᠡᠵᠦ ᠢᠯᠭᠠᠯ ᠦᠭᠡᠢ ᠪᠣᠯᠠᠬ ᠨᠠᠭᠤᠷ ᠤᠨ ᠬᠠᠵᠠᠭᠤ ᠳᠤ ᠴᠣᠬᠯᠠᠷᠠᠯᠳᠣᠵᠦ ᠲᠣᠯᠣᠭᠠᠢ ᠳᠠᠭᠠᠨ ᠨᠠᠶᠢᠯᠵᠠᠭᠤᠷ | ᠪᠣᠷᠭᠠᠰᠣᠨ ᠴᠠᠭᠠᠷᠢᠬ ᠣᠬᠯᠠᠵᠦ᠂ ᠲᠡᠭᠡᠳᠦ ᠪᠡᠶ᠎ᠡ ᠪᠠᠨ ᠨᠢᠴᠦᠭᠦᠯᠡᠵᠦ᠂ ᠰᠢᠷᠬᠤᠨᠠᠬ ᠢᠶᠠᠨ ᠰᠢᠭᠤᠵᠦ᠂ ᠬᠦᠯ | ᠨᠢᠴᠦᠭᠦᠨ ᠢᠶᠠᠷ ᠬᠦᠷᠢᠶ᠎ᠡ ᠲᠠᠳᠠᠨ ᠴᠣᠪᠣᠷᠠᠵᠦ ᠲᠡᠷᠢᠭᠦᠯᠡᠬᠦ ᠬᠦᠮᠦᠨ ᠨᠢ ᠣᠷᠠᠯᠢᠬ ᠦᠭᠡ ᠪᠠᠷ ᠣᠶᠠᠩᠭᠠᠯᠠᠨ | ᠲᠠᠭᠤᠯᠠᠵᠦ᠂ ᠣᠯᠠᠨ ᠢᠶᠠᠷ ᠢᠶᠠᠨ ᠲᠠᠭᠠᠵᠦ ᠠᠶᠠᠯᠭᠤᠯᠣᠨ ᠣᠰᠣ ᠶᠢ ᠪᠡᠶ᠎ᠡ ᠪᠡᠶ᠎ᠡ ᠲᠡᠭᠡᠷ᠎ᠡ ᠪᠠᠨ ᠰᠠᠴᠣᠵᠦ᠂ ︿ | ᠪᠣᠷᠣᠭᠠᠨ ᠣᠷᠣᠯ᠎ᠠ︕﹀ ︿ᠭᠠᠨᠭ᠌ ᠬᠠᠭᠠᠷᠠᠵᠠᠢ﹀ ᠭᠡᠵᠦ ᠪᠡᠯᠭᠡᠳᠡᠨ ᠣᠷᠠᠶᠢᠯᠠᠵᠦ ᠪᠠᠶᠠᠷᠯᠠᠨ ᠲᠡᠪᠭᠡᠴᠡᠳᠡᠭ︾ ᠭᠡᠵᠦ | ︽ᠬᠤᠷᠴᠢᠨ ᠤ ᠵᠠᠩ ᠦᠢᠯᠡ︾ ᠭᠡᠬᠦ ᠨᠣᠮ ᠳᠤ ᠲᠡᠮᠳᠡᠭᠯᠡᠵᠦ ᠪᠠᠶᠢᠨ᠎ᠠ᠃ ᠪᠠᠰᠠ ᠵᠠᠷᠢᠮ ᠨᠣᠮ ᠪᠢᠴᠢᠭ ᠲᠠᠬᠢ | ᠲᠡᠮᠳᠡᠭᠯᠡᠯ ᠢ ᠦᠨᠳᠦᠰᠦᠯᠡᠪᠡᠯ ᠭᠤᠣᠯ ᠭᠤᠷᠤᠬ᠎ᠠ ᠶᠢ ᠴᠦ ᠡᠶᠢᠮᠦᠷᠬᠦᠤ ᠬᠡᠯᠪᠡᠷᠢ ᠪᠠᠷ ᠲᠠᠬᠢᠵᠦ ᠪᠠᠶᠢᠬᠰᠠᠨ ᠪᠠᠶᠢᠳᠠᠯ ᠪᠣᠢ | ᠃ | ᠵᠠᠷᠢᠮ ᠭᠠᠵᠠᠷ ᠪᠣᠯᠠᠬ ᠢ ᠪᠠᠰᠠ ᠱᠠᠩ ᠪᠣᠰᠬᠠᠨ ᠪᠢᠳᠡᠭᠦᠮᠵᠢᠯᠡᠨ ᠲᠠᠷᠣᠬᠤ ᠬᠡᠯᠪᠡᠷᠢ ᠪᠠᠷ ᠴᠦ ᠲᠠᠬᠢᠵᠦ ᠪᠠᠶᠢᠵᠠᠢ ᠃ | ᠣᠷᠳᠣᠰ ᠤᠨ ᠲᠣᠮᠤᠬ ᠲᠤ᠄ ︽ᠲᠣᠭᠤᠭ᠎ᠠ ᠪᠣᠯᠠᠬ ᠭᠡᠭᠴᠢ ᠭᠦᠨ ᠪᠣᠯᠠᠬ ᠲᠤ ᠴᠢᠩᠬᠢᠰ ᠤᠨ ᠬᠡᠭᠦᠷ ᠢ ᠲᠡᠭᠡᠭᠡᠵᠦ | ᠶᠠᠪᠣᠵᠦ ᠪᠠᠶᠢᠬᠰᠠᠨ ᠲᠡᠷᠭᠡ ᠰᠢᠪᠠᠷᠳᠠᠬᠰᠠᠨ ᠶᠣᠮ ᠭᠡᠨ᠎ᠡ᠃ ᠲᠡᠷᠡ ᠦᠶ᠎ᠡ ᠳᠤ ᠪᠠᠰᠠ ᠨᠢᠭᠡ ᠵᠦᠢᠯ ᠤᠨ ᠶᠠᠭᠤᠮ᠎ᠠ ᠶᠢ | ᠲᠡᠷᠡ ᠪᠣᠯᠠᠬ ᠤᠨ ᠲᠣᠳᠣᠷ᠎ᠠ ᠠᠴᠠ ᠠᠪᠴᠦ ᠭᠠᠷᠭᠠᠵᠦ ᠴᠢᠳᠠᠬᠰᠠᠨ ᠦᠭᠡᠢ ᠣᠷᠬᠢᠬᠰᠠᠨ ᠭᠡᠵᠦ ᠬᠡᠯᠡᠯᠴᠡᠳᠡᠭ︾ ᠭᠡᠵᠦ | ᠦᠭᠦᠯᠡᠵᠡᠢ᠃ ︽ᠠᠯᠳᠠᠨ ᠣᠷᠳᠣᠨ ᠤ ᠲᠠᠶᠢᠯᠭ᠎ᠠ︾ ᠳᠤ᠄ ︽ᠠᠷᠠᠳ ᠤᠨ ᠶᠠᠷᠢᠶᠠᠨ ᠳᠤ ᠴᠢᠩᠬᠢᠰ ᠢ ᠡ᠊ᠨᠳᠡ | ᠣᠡᠭᠭᠤᠯᠠᠵᠠᠢ ᠭᠡᠬᠦ ᠪᠣᠶᠣ ᠲᠣᠭᠤᠭ᠎ᠠ ᠪᠣᠯᠠᠬ ᠲᠤ ᠨᠢᠭᠡ ᠶᠠᠭᠤᠮ᠎ᠠ ᠶᠢ ᠨᠢ ᠣᠷᠬᠢᠵᠦ ᠶᠠᠪᠣᠵᠠᠢ ᠭᠡᠬᠦ ᠬᠤᠶᠠᠷ | ᠶᠠᠩᠵᠦ ᠶᠢᠨ ᠬᠡᠯᠡᠯᠭᠡ ᠪᠣᠢ︾ ᠭᠡᠵᠡᠢ᠃ ᠬᠤᠷᠴᠢᠨ ᠵᠡᠭᠦᠨ ᠭᠠᠷᠣᠨ ᠲᠣᠮᠳᠠᠳᠦ ᠬᠤᠰᠢᠭᠤᠨ ᠤ ᠪᠦᠭᠡᠷ᠎ᠡ ᠶᠢᠨ | ᠠᠭᠤᠯᠠ ᠨᠢ ᠪᠣᠯᠠᠬ ᠤᠨ ᠲᠡᠭᠡᠷ᠎ᠡ ᠭᠤᠷᠪᠠᠨ ᠲᠣᠭᠤᠭ᠎ᠠ ᠶᠢ ᠬᠦᠮᠦᠷᠢᠭᠰᠡᠨ ᠠᠴᠠ ᠣᠷᠭᠤᠵᠦ ᠭᠠᠷᠣᠬᠰᠠᠨ ᠭᠡᠳᠡᠭ | ᠲᠣᠮᠤᠬ ᠪᠣᠢ᠃ ᠡᠳᠡᠭᠡᠷ ᠲᠡᠮᠳᠡᠭᠯᠡᠯ᠂ ᠲᠣᠮᠤᠬ ᠵᠡᠷᠭᠡ ᠠᠴᠠ ᠰᠢᠨᠵᠢᠪᠡᠯ ᠪᠣᠯᠠᠬ ᠲᠤ ᠱᠠᠩ ᠪᠣᠰᠬᠠᠨ ᠪᠢᠳᠡᠭᠦᠮᠵᠢᠯᠡᠨ | ᠲᠠᠷᠣᠬᠤ ᠬᠡᠯᠪᠡᠷᠢ ᠪᠠᠷ ᠰᠢᠳᠦᠵᠦ ᠪᠠᠶᠢᠬᠰᠠᠨ ᠨᠢ ᠨᠡᠯᠢᠶᠡᠳ ᠡᠷᠳᠡ ᠦᠶ᠎ᠡ ᠠᠴᠠ ᠣᠯᠠᠮᠵᠢᠯᠠᠯ ᠲᠠᠢ ᠭᠡᠳᠡᠭ ᠢ ᠮᠡᠳᠡᠵᠦ | ᠪᠣᠯᠣᠨ᠎ᠠ᠃ ᠬᠤᠷᠴᠢᠨ ᠳᠤ ᠪᠣᠯᠠᠬ ᠤᠨ ᠣᠰᠣᠨ ᠳᠤ ᠡᠮᠡᠭᠳᠡᠢ ᠬᠦᠮᠦᠨ ᠣᠷᠣᠵᠦ ᠪᠡᠶ᠎ᠡ ᠣᠬᠢᠶᠠᠬᠤ ᠶᠢ | ᠴᠡᠭᠡᠷᠯᠡᠬᠦ ᠠᠴᠠ ᠭᠠᠳᠠᠨ᠎ᠠ ᠪᠠᠰᠠ ᠪᠣᠯᠠᠬ᠂ ᠨᠠᠭᠤᠷ᠂ ᠣᠷᠣᠰᠬᠠᠯ ᠣᠰᠣᠨ ᠤ ᠬᠠᠵᠠᠭᠤ ᠳᠤ ᠣᠰᠣ ᠶᠢ ᠴᠢᠮᠠᠯᠠᠵᠦ | ᠬᠡᠯᠡᠭᠰᠡᠨ ᠪᠣᠶᠣ ᠬᠠᠷᠢᠶᠠᠬᠰᠠᠨ ᠮᠡᠳᠦ ᠶᠢᠨ ᠪᠡᠯᠭᠡ ᠦᠭᠡᠢ ᠦᠭᠡ ᠶᠢ ᠶᠠᠷᠢᠵᠦ ᠣᠰᠣᠨ ᠤ ᠡᠵᠡᠳ ᠰᠠᠬᠢᠭᠤᠰᠣ ᠶᠢ | ᠬᠢᠯᠢᠩᠯᠡᠭᠦᠯᠬᠦ ᠠᠴᠠ ᠴᠡᠭᠡᠷᠯᠡᠳᠡᠭ ᠲᠣᠬᠠᠢ ᠦᠯᠢᠭᠡᠷ ᠶᠠᠪᠣᠳᠠᠯ ᠤᠳ ᠠᠷᠠᠳ ᠤᠨ ᠲᠣᠮᠳᠠ ᠣᠯᠠᠨᠳᠠ ᠲᠠᠷᠬᠠᠬᠳᠠᠨ | ᠣᠯᠠᠮᠵᠢᠯᠠᠬᠳᠠᠵᠦ ᠪᠠᠶᠢᠨ᠎ᠠ᠃ ᠨᠣᠳᠤᠬ ᠤᠨ ᠪᠣᠭᠤᠷᠣᠯᠴᠣᠳ ᠤᠨ ᠬᠠᠭᠤᠴᠢᠯᠠᠬᠤ ᠪᠠᠷ᠂ ᠶᠡᠷᠡᠭᠡᠳ ᠣᠨ ᠤ ᠦᠶ᠎ᠡ ᠪᠠᠷ | ᠬᠤᠷ᠎ᠠ ᠪᠣᠷᠣᠭᠠᠨ ᠶᠡᠬᠡᠰᠴᠦ ᠡᠯᠡᠰᠦ ᠮᠠᠩᠬᠠᠨ ᠤ ᠬᠤᠳᠣᠭᠤᠷ ᠬᠤᠨᠭ᠍ᠬᠢᠯ ᠤᠳ ᠢᠶᠠᠷ ᠣᠰᠣ ᠲᠣᠨᠣᠭᠠᠳ ᠣᠯᠠᠩᠬᠢ | ᠨᠣᠳᠤᠬ ᠢᠶᠠᠷ ᠭᠦᠨ ᠭᠦᠢᠬᠡᠨ ᠨᠡᠯᠢᠶᠡᠳ ᠣᠯᠠᠨ ᠨᠠᠭᠤᠷ ᠪᠦᠷᠢᠳᠦ ᠪᠣᠢ ᠪᠣᠯᠣᠬᠰᠠᠨ ᠭᠡᠨ᠎ᠡ᠃ ᠨᠣᠳᠤᠬ ᠤᠨ ᠬᠦᠮᠦᠰ | ᠮᠠᠩᠬᠠᠨ ᠬᠤᠳᠣᠭᠤᠷ ᠲᠤ ᠲᠣᠨᠣᠬᠰᠠᠨ ᠨᠠᠭᠤᠷ ᠤᠨ ᠣᠰᠣ ᠶᠢᠨ ᠭᠦᠨ ᠠᠴᠠ ᠪᠣᠯᠭᠤᠮᠵᠢᠯᠠᠨ ᠣᠯᠠᠩᠬᠢ ᠨᠢ | ᠨᠠᠭᠤᠷ ᠲᠤ ᠣᠷᠣᠬᠤ ᠠᠴᠠ ᠪᠠᠨ ᠬᠡᠷᠰᠡᠦᠯᠡᠳᠡᠭ ᠪᠠᠶᠢᠵᠠᠢ᠃ ᠡᠨᠡ ᠦᠶᠡᠰ ᠬᠤᠯᠠ ᠭᠠᠷᠴᠦ ᠶᠡᠭᠡ ᠶᠢ ᠦᠵᠡᠭᠰᠠᠡ | ᠮᠦᠷᠳᠡᠭᠡᠨ ᠣᠮᠪᠠᠯᠳᠠ ᠳᠠᠭᠠᠨ ᠴᠦ ᠰᠠᠶᠢᠨ ᠨᠢᠭᠡᠨ ᠵᠠᠯᠠᠭᠤ ᠮᠠᠩᠬᠠᠨ ᠨᠣᠳᠤᠬ ᠲᠠᠭᠠᠨ ᠪᠣᠴᠠᠵᠦ ᠢᠷᠡᠭᠡᠳ ᠪᠠᠶᠢᠵᠠᠢ᠃ | ᠲᠡᠷᠡ ᠲᠠᠭᠠᠭᠠᠴᠠ ᠳᠤ ᠲᠣᠨᠣᠬᠰᠠᠨ ᠣᠰᠣ ᠶᠢ ᠬᠠᠷᠠᠭᠠᠳ ᠬᠦᠪᠡᠭᠡᠨ ᠳᠤᠨᠢ ᠬᠦᠷᠴᠦ ᠬᠠᠵᠠᠭᠤ ᠶᠢᠨ ᠬᠦᠮᠦᠰ ᠲᠡᠭᠡᠨ | ᠄ ︽ᠲᠠ ᠨᠠᠷ ᠡᠨᠡ ᠪᠠᠭ᠎ᠠ ᠱᠠᠯᠪᠠᠬ ᠣᠰᠣᠨ ᠳᠤ ᠣᠷᠣᠬᠤ ᠠᠴᠠ ᠪᠠᠰᠠ ᠶᠠᠭᠤ ᠶᠢ ᠨᠢ ᠲᠡᠳᠦᠢ ᠡᠮᠢᠶᠡᠴᠢᠬᠡᠭᠰᠡᠨ ᠪᠣᠢ | ︖ ᠪᠢ ᠡᠭᠦᠨ ᠠᠴᠠ ᠴᠦ ᠠᠷᠪᠠᠨ ᠲᠠᠬᠢᠨ ᠲᠣᠮᠣ ᠣᠰᠣ ᠶᠢ ᠴᠦ ᠪᠠᠷᠳᠠᠭ᠎ᠠ ᠦᠭᠡᠢ ᠣᠮᠪᠠᠨ ᠭᠠᠷᠴᠦ ᠲᠡᠶᠢᠯᠦᠨ᠎ᠡ︾ | ᠭᠡᠵᠦ ᠪᠠᠰᠣᠮᠵᠢᠯᠠᠨ ᠶᠠᠷᠢᠭᠠᠳ ᠣᠰᠣᠨ ᠳᠤ ᠦᠰᠦᠷᠦᠨ ᠣᠷᠣᠪᠠ᠃ ︽ᠪᠠᠷᠳᠠᠮ ᠳᠤ ᠰᠠᠶᠢᠨ ᠦᠭᠡᠢ ᠪᠠᠩᠵᠠᠯ ᠳᠤ | ᠲᠣᠯᠠᠭᠠᠨ ᠦᠭᠡᠢ︾ ᠭᠡᠳᠡᠭ ᠢᠶᠠᠷ ᠣᠰᠣᠨ ᠳᠤ ᠦᠰᠦᠷᠦᠭᠰᠡᠨ ᠪᠠᠷᠳᠠᠮ ᠵᠠᠯᠠᠭᠤ ᠶᠢᠨ ᠮᠠᠨᠢ ᠬᠦᠯ ᠤᠨ ᠪᠣᠯᠴᠢᠩ ᠨᠢ | ᠭᠡᠨᠡᠳᠳᠡ ᠪᠠᠷ ᠣᠷᠪᠠᠭᠠᠳ ᠲᠠᠭᠠᠭᠠᠴᠠ ᠶᠢᠨ ᠣᠰᠣ ᠪᠠᠨ ᠲᠠᠪᠠᠵᠦ ᠲᠡᠶᠢᠯᠦᠭᠰᠡᠨ ᠦᠭᠡᠢ ᠪᠠᠷ ᠣᠰᠣᠨ ᠳᠤ ᠴᠠᠴᠠᠬᠰᠠᠨ | ᠭᠡᠨ᠎ᠡ᠃ ᠪᠠᠰᠠ ᠶᠡᠷᠡᠭᠡᠳ ᠣᠨ ᠤ ᠦᠶᠡᠰ ᠲᠤ ᠮᠠᠩᠬᠠᠨ ᠨᠣᠳᠤᠬ ᠤᠨ ᠨᠢᠭᠡᠨ ᠲᠠᠷᠢᠶᠠᠴᠢᠨ ᠠᠴᠠ ᠠᠶᠢᠯ ᠳᠤ ᠭᠤᠣᠯ | ᠣᠷᠣᠰᠣᠨ ᠣᠷᠣᠭᠠᠳ ᠭᠠᠮᠰᠢᠬ ᠪᠣᠯᠬᠤ ᠠᠴᠠ ᠰᠡᠷᠭᠡᠶᠢᠯᠡᠨ ᠬᠠᠰᠢᠯᠭ᠎ᠠ ᠪᠣᠰᠬᠠᠵᠦ ᠪᠠᠶᠢᠬᠰᠠᠨ ᠬᠦᠮᠦᠰ ᠤᠨ | ᠬᠠᠵᠠᠭᠤ ᠳᠤ ᠢᠷᠡᠭᠡᠳ᠄ ︽ᠲᠠ ᠨᠠᠷ ᠶᠠᠭᠤᠨ ᠤ ᠬᠢᠨ ᠬᠠᠰᠢᠯᠭ᠎ᠠ ᠪᠣᠰᠬᠠᠭᠠᠳ ᠶᠠᠭᠠᠷᠠᠴᠢᠬᠠᠬᠰᠠᠨ ᠪᠣᠢ︖ ᠡᠨᠡ | ᠪᠠᠭ᠎ᠠ ᠭᠤᠣᠯ ᠠᠶᠢᠯ ᠢ ᠦᠶᠡᠷᠯᠡᠭᠦᠯᠬᠦ ᠪᠠᠶᠢᠳᠣᠭᠠᠢ ᠮᠢᠨᠦ ᠬᠡᠳᠦᠨ ᠮᠦ ᠭᠠᠵᠠᠷ ᠢ ᠴᠦ ᠨᠣᠷᠭᠠᠵᠦ ᠲᠡᠶᠢᠯᠬᠦ ᠦᠭᠡᠢ | ᠮᠠᠭᠠᠳ︾ ᠭᠡᠵᠦ ᠭᠤᠣᠯ ᠤᠨ ᠣᠰᠣ ᠶᠢ ᠪᠠᠰᠣᠵᠦ ᠶᠠᠷᠢᠭᠠᠳ ᠪᠣᠴᠠᠪᠠ᠃ ᠰᠦᠨᠢ ᠨᠢ ᠶᠡᠭᠡ ᠭᠤᠣᠯ ᠦᠶᠡᠷᠯᠡᠵᠦ | ᠭᠤᠣᠯ ᠤᠨ ᠣᠰᠣ ᠲᠠᠢ ᠨᠡᠶᠢᠯᠡᠭᠡᠳ ᠬᠠᠰᠢᠯᠭ᠎ᠠ ᠶᠢ ᠨᠢ ᠰᠡᠳᠡᠯᠦᠭᠡᠳ ᠪᠦᠬᠦᠢ ᠯᠡ ᠠᠶᠢᠯ ᠢ ᠣᠰᠣᠨ ᠭᠠᠮᠰᠢᠬ | ᠪᠣᠯᠭᠠᠬᠰᠠᠨ ᠭᠡᠳᠡᠭ ᠁ ᠭᠡᠬᠦ ᠮᠡᠳᠦ ᠶᠢᠨ ᠦᠯᠢᠭᠡᠷ ᠤᠳ ᠠᠶᠢᠯ ᠲᠣᠰᠬᠤᠨ ᠨᠤᠭᠤᠳ ᠢᠶᠠᠷ ᠲᠠᠷᠬᠠᠨ | ᠣᠯᠠᠮᠵᠢᠯᠠᠬᠳᠠᠬᠰᠠᠭᠠᠷ ᠪᠣᠢ᠃ ᠭᠠᠯ ᠣᠰᠣᠨ ᠤ ᠠᠶᠣᠯ ᠨᠢᠳᠦ ᠦᠭᠡᠢ ᠭᠡᠳᠡᠭ ᠢᠶᠠᠷ ᠣᠰᠣᠨ ᠤ ᠠᠪᠣᠷᠭᠤ ᠬᠦᠴᠦ ᠶᠢ | ᠡᠷᠳᠡ ᠲᠠᠨᠢᠬᠰᠠᠨ ᠬᠤᠷᠴᠢᠨᠴᠣᠳ ᠤᠨ ᠲᠣᠮᠳᠠ ︽ᠱᠠᠭ᠎ᠠ ᠶᠢᠨ ᠬᠢᠷᠢ ᠬᠦᠨ ᠱᠠᠯᠪᠠᠬ ᠤᠨ ᠣᠰᠣ ᠶᠢ ᠴᠦ ᠭᠦᠢᠬᠡᠨ | ᠭᠡᠵᠦ ᠴᠢᠮᠠᠯᠠᠵᠦ ᠪᠣᠯᠬᠤ ᠦᠭᠡᠢ᠂ ᠰᠢᠨᠠᠭ᠎ᠠ ᠶᠢᠨ ᠬᠢᠷᠢ ᠣᠰᠣ ᠴᠦ ᠠᠮᠢ ᠠᠪᠬᠤ ᠳᠤ ᠪᠠᠷᠳᠠᠭ᠎ᠠ ᠪᠠᠷ ᠭᠦᠢᠴᠡᠨ᠎ᠡ︾ | ᠭᠡᠳᠡᠭ ᠬᠡᠯᠡᠯᠭᠡ ᠪᠣᠢ ᠪᠣᠯᠵᠦ ᠣᠰᠣᠨ ᠤ ᠲᠡᠷᠭᠡᠳᠡ ᠰᠠᠶᠢᠨ ᠠᠮᠠ ᠨᠡᠭᠡᠭᠡᠬᠦ ᠶᠢ ᠠᠩᠬᠠᠷᠬᠤ ᠪᠣᠯᠣᠬᠰᠠᠨ ᠶᠣᠮ᠃ | | ᠬᠤᠳᠳᠤᠬ ᠲᠠᠬᠢᠵᠦ ᠬᠤᠷ᠎ᠠ ᠭᠤᠶᠣᠬᠤ ᠵᠠᠩ ᠦᠢᠯᠡ | ᠴᠠᠬᠢᠯᠭᠠᠨ ᠬᠤᠳᠳᠤᠬ ᠪᠣᠶᠣ ᠲᠠᠷᠣᠭᠤᠯ ᠬᠤᠳᠳᠤᠬ ᠪᠣᠢ ᠪᠣᠯᠵᠦ ᠬᠡᠷᠡᠭᠯᠡᠭᠳᠡᠬᠦ ᠠᠴᠠ ᠡᠮᠦᠨ᠎ᠡ ᠬᠤᠷᠴᠢᠨ | ᠨᠣᠳᠤᠬ ᠤᠨ ᠠᠶᠢᠯ ᠲᠣᠰᠬᠤᠨ ᠨᠤᠭᠤᠳ ᠢᠶᠠᠷ ᠮᠠᠯᠳᠠᠮᠠᠯ ᠬᠤᠳᠳᠤᠬ ᠬᠡᠷᠡᠭᠯᠡᠵᠦ ᠪᠠᠶᠢᠬᠰᠠᠨ ᠶᠣᠮ᠃ ᠮᠠᠯᠳᠠᠮᠠᠯ | ᠬᠤᠳᠳᠤᠬ ᠨᠢ ᠬᠡᠳᠦᠨ ᠡᠷᠦᠬᠡ ᠶᠢᠨ ᠲᠣᠮᠳᠠ ᠪᠠᠨ ᠨᠢᠭᠡ ᠪᠣᠶᠣ ᠠᠶᠢᠯ ᠲᠣᠰᠬᠤᠨ ᠤ ᠲᠣᠮᠳᠠ ᠪᠠᠨ ᠬᠡᠳᠦᠬᠡᠨ | ᠪᠠᠶᠢᠬᠰᠠᠨ ᠢᠶᠠᠨ ᠡᠷᠦᠬᠡ ᠪᠦᠷᠢ ᠨᠢᠭᠡ ᠮᠠᠯᠳᠠᠮᠠᠯ ᠬᠤᠳᠳᠤᠬ ᠲᠠᠢ ᠪᠣᠯᠵᠦ ᠬᠦᠭᠵᠢᠵᠡᠢ᠃ ᠬᠤᠳᠳᠤᠬ ᠨᠢ ᠠᠶᠢᠯ | ᠲᠣᠰᠬᠤᠨ ᠤ ᠬᠤᠭᠤᠯᠠ ᠣᠮᠳᠠ ᠳᠤ ᠬᠡᠷᠡᠭᠯᠡᠬᠦ ᠣᠰᠣᠨ ᠤ ᠡᠬᠢ ᠰᠣᠷᠪᠣᠯᠵᠢ ᠶᠢ ᠬᠠᠨᠭ᠍ᠭᠠᠳᠠᠬ ᠠᠴᠠ ︽ᠬᠦᠬᠡ ᠯᠣᠣ︾ | ᠬᠡᠮᠡᠨ ᠬᠦᠨᠳᠦᠳᠭᠡᠭᠳᠡᠵᠦ᠂ ᠬᠤᠳᠳᠤᠬ ᠮᠠᠯᠳᠠᠬᠤ ᠨᠢ ᠡᠷᠦᠬᠡ ᠪᠦᠷᠢ ᠶᠢᠨ ᠡᠷᠬᠡᠪᠰᠢ ᠬᠦᠢᠴᠡᠳᠭᠡᠬᠦ ᠴᠢᠬᠤᠯᠠᠲᠠᠢ | ᠠᠵᠢᠯ ᠲᠦᠷᠦᠯ ᠤᠨ ᠨᠢᠭᠡ ᠪᠣᠯᠪᠠ᠃ ᠬᠤᠳᠳᠤᠬ ᠢ ᠭᠡᠷ ᠤᠨ ᠢᠶᠠᠨ ᠲᠡᠭᠡᠷ᠎ᠡ ᠲᠠᠯ᠎ᠡ ᠳᠤ ᠮᠠᠯᠳᠠᠪᠠᠯ ᠭᠡᠷ ᠢ ᠯᠣᠣ | ᠣᠷᠢᠶᠠᠵᠦ ᠵᠣᠯ ᠪᠣᠰᠣ ᠶᠢᠨ ᠵᠣᠪᠠᠯᠠᠩ ᠢᠷᠡᠨ᠎ᠡ ᠭᠡᠵᠦ ᠬᠤᠷᠴᠢᠨᠴᠣᠳ ᠦᠵᠡᠳᠡᠭ ᠠᠴᠠ ᠭᠡᠷ ᠤᠨ ᠢᠶᠠᠨ ᠵᠡᠭᠦᠨ | ᠡᠮᠦᠨ᠎ᠡ ᠲᠠᠯ᠎ᠠ ᠳᠤ ᠬᠤᠳᠳᠤᠬ ᠮᠠᠯᠳᠠᠬᠤ ᠵᠠᠩᠰᠢᠯ ᠲᠠᠢ᠃ ᠮᠠᠯᠳᠠᠬᠰᠠᠨ ᠬᠤᠣᠠᠳᠤᠬ ᠢ ᠪᠠᠰᠠ ᠪᠦᠳᠦᠴᠡ ᠶᠢᠨ | ᠣᠨᠴᠠᠯᠢᠬ ᠢᠶᠠᠷ ᠨᠢ ᠪᠣᠷᠭᠠᠰᠣᠨ ᠬᠤᠳᠳᠤᠬ᠂ ᠬᠠᠪᠳᠠᠰᠣᠨ ᠬᠤᠳᠳᠤᠬ᠂ ᠨᠠᠢᠮᠠᠯᠵᠢᠨ ᠬᠤᠳᠳᠤᠬ᠂ ᠴᠢᠯᠠᠭᠤᠨ | ᠬᠤᠳᠳᠤᠬ ᠁ ᠭᠡᠬᠦ ᠮᠡᠳᠦ ᠪᠠᠷ ᠨᠡᠷᠡᠯᠡᠵᠦ ᠡᠵᠡᠳ ᠰᠠᠬᠢᠭᠤᠰᠣ ᠲᠠᠢ ᠭᠡᠵᠦ ᠰᠢᠳᠢᠴᠢᠯᠡᠨ ᠦᠵᠡᠳᠡᠭ ᠪᠠᠶᠢᠪᠠ᠃ | ᠵᠢᠱᠢᠶᠡᠯᠡᠪᠡᠯ᠄ ᠲᠠᠪᠣᠨ ᠰᠠᠷ᠎ᠠ ᠶᠢᠨ ᠰᠢᠨ᠎ᠡ ᠶᠢᠨ ᠲᠠᠪᠣᠨ ᠤ ᠦᠷᠯᠦᠭᠡ ᠡᠷᠳᠡ ᠪᠣᠰᠣᠭᠠᠳ ᠬᠤᠳᠳᠤᠬ ᠤᠨ ᠣᠰᠣ ᠶᠢ | ᠬᠠᠷᠠᠪᠠᠯ ᠨᠢᠳᠦ ᠡᠪᠡᠳᠬᠦ ᠦᠭᠡᠢ ᠪᠣᠯᠣᠨ᠎ᠠ᠂ ᠪᠠᠰᠠ ᠲᠣᠰ ᠡᠳᠦᠷ ᠬᠤᠳᠳᠤᠬ ᠤᠨ ᠣᠰᠣ ᠪᠠᠷ ᠠᠮᠠ ᠪᠠᠨ ᠭᠤᠷᠪᠠᠨᠳᠠ | ᠵᠠᠶᠢᠯᠵᠦ ᠠᠮᠰᠠᠨ ᠷᠠᠰᠢᠶᠠᠯᠠᠪᠠᠯ ᠰᠢᠳᠦ ᠴᠠᠶᠢᠷᠠᠵᠦ᠂ ᠬᠤᠳᠣᠭᠤᠳᠣ ᠭᠡᠳᠡᠰᠦ ᠶᠢᠨ ᠠᠷᠬᠠᠬ ᠬᠤᠣᠷ ᠠᠷᠢᠯᠣᠨᠠ ᠬᠡᠮᠡᠨ | ᠦᠵᠡᠳᠡᠭ᠃ | ᠬᠤᠳᠳᠤᠬ ᠨᠢ ᠬᠤᠷᠴᠢᠨᠴᠣᠳ ᠤᠨ ᠦᠢᠯᠡᠳᠪᠦᠷᠢᠯᠡᠯ ᠠᠮᠢᠳᠣᠷᠠᠯ ᠲᠠᠢ ᠬᠠᠮᠤᠬ ᠤᠨ ᠣᠢᠢᠷᠠᠯᠴᠠᠭ᠎ᠠ ᠪᠠᠶᠢᠭ᠎ᠠ | ᠣᠰᠣᠨ ᠰᠣᠷᠪᠣᠯᠵᠢ ᠪᠣᠯᠬᠤᠷ ᠭᠠᠨᠭ᠌ ᠬᠠᠭᠰᠠᠷᠠᠭᠠᠨ ᠪᠣᠯᠬᠤ ᠬᠢᠷᠢᠨ᠎ᠡ ᠣᠯᠠᠩᠬᠢ ᠠᠶᠢᠯ ᠲᠣᠰᠬᠤᠨ ᠤ ᠬᠢᠨ ᠬᠤᠳᠳᠤᠬ | ᠲᠠᠬᠢᠵᠦ ᠪᠣᠷᠣᠭᠠᠨ ᠭᠤᠶᠣᠬᠤ ᠭᠡᠳᠡᠭ ᠵᠠᠩ ᠦᠢᠯᠡ ᠶᠢ ᠭᠦᠢᠴᠡᠳᠭᠡᠵᠦ ᠪᠠᠶᠢᠵᠠᠢ᠃ ᠡᠭᠦᠨ ᠤ ᠲᠣᠬᠠᠢ | ᠭᠠᠳᠠᠰᠣ ᠠᠴᠠ᠄ ︽ᠬᠤᠳᠳᠤᠬ ᠲᠠᠬᠢᠬᠤ ᠦᠢᠯᠡ ᠶᠢ ᠮᠠᠨ ᠤ ᠨᠣᠳᠤᠬ ᠲᠤ ᠲᠡᠭᠡᠷ᠎ᠡ ᠵᠠᠭᠤᠨ ᠤ ᠨᠠᠶᠠᠭᠠᠳ ᠣᠨ | ᠪᠣᠯᠳᠠᠯ᠎ᠠ ᠶᠠᠪᠣᠬᠳᠠᠭᠤᠯᠵᠦ ᠪᠠᠶᠢᠬᠰᠠᠨ ᠶᠣᠮ᠃ ᠬᠤᠳᠳᠤᠬ ᠲᠠᠬᠢᠬᠤ ᠦᠢᠯᠡ ᠶᠢ ᠣᠯᠠᠩᠬᠢ ᠳᠠᠭᠠᠨ ᠱᠠᠩᠰᠢ ᠶᠢᠨ | ᠲᠠᠬᠢᠯᠭ᠎ᠠ ᠲᠠᠢ ᠣᠶᠠᠯᠳᠣᠭᠤᠯᠣᠨ ᠶᠠᠪᠣᠬᠳᠠᠭᠤᠯᠳᠠᠬ ᠪᠠᠶᠢᠭᠰᠠᠨ ᠶᠣᠮ᠃ ᠬᠤᠳᠳᠤᠬ ᠲᠠᠬᠢᠬᠤ ᠳᠤ ᠣᠯᠠᠩᠬᠢ ᠳᠠᠭᠠᠨ | ᠡᠷᠡᠭᠳᠡᠢ ᠬᠦᠮᠦᠰ ᠣᠷᠣᠯᠴᠠᠨ᠎ᠠ᠃ ᠠᠶᠢᠯ ᠤᠨ ᠣᠯᠠᠨ ᠢᠶᠠᠷ ᠢᠶᠠᠨ ᠨᠠᠷᠠ ᠣᠨᠠᠵᠦ ᠰᠠᠷ᠎ᠠ ᠭᠠᠷᠣᠬᠰᠠᠨ ᠤ ᠲᠠᠷᠠᠭ᠎ᠠ | ᠪᠣᠷᠭᠠᠰᠣᠨ ᠨᠠᠮᠠᠭ᠎ᠠ ᠪᠠᠷ ᠴᠠᠭᠠᠷᠢᠬ ᠣᠶᠠᠵᠦ᠂ ᠲᠣᠯᠣᠭᠠᠢ ᠳᠠᠭᠠᠨ ᠵᠡᠭᠦᠵᠦ᠂ ᠪᠡᠶ᠎ᠡ ᠳᠡᠭᠡᠨ ᠦᠮᠦᠳᠦ ᠯᠡ ᠡᠮᠦᠰᠦᠭᠡᠳ | ᠰᠢᠷᠬᠤᠨᠠᠬ ᠢᠶᠠᠨ ᠰᠢᠭᠤᠵᠦ ᠬᠦᠯ ᠨᠢᠴᠦᠭᠦᠨ ᠢᠶᠠᠷ ᠲᠠᠬᠢᠬᠤ ᠭᠡᠵᠦ ᠪᠠᠶᠢᠭ᠎ᠠ ᠬᠤᠳᠳᠤᠬ ᠢᠶᠠᠨ ᠲᠣᠭᠤᠷᠢᠵᠦ | ᠬᠡᠯᠬᠢᠶᠡᠯᠳᠦᠨ ᠴᠣᠪᠣᠷᠠᠵᠦ᠂ ᠠᠶᠢᠯ ᠤᠨ ᠠᠬᠠᠮᠠᠳ ᠪᠣᠶᠣ ᠣᠪᠣᠭ᠎ᠠ ᠱᠠᠩᠰᠢ ᠲᠠᠬᠢᠬᠤ ᠦᠶ᠎ᠡ ᠶᠢᠨ ᠠᠬᠠᠯᠠᠬᠴᠢ ᠨᠢ | ᠲᠠᠭᠠᠭᠤᠯᠵᠦ ᠲᠠᠭᠤᠯᠠᠵᠦ ᠪᠦᠵᠢᠭᠯᠡᠳᠡᠭ ᠶᠣᠮ᠃ ᠬᠤᠷᠴᠢᠨ ᠤ ᠵᠠᠷᠢᠮ ᠭᠠᠵᠠᠷ ᠲᠤ ᠬᠤᠳᠳᠤᠬ ᠲᠠᠬᠢᠬᠤ ᠶᠢ ᠪᠠᠰᠠ ︿ | ᠬᠤᠳᠳᠤᠬ ᠲᠠᠭᠤᠯᠠᠬᠤ﹀ ᠭᠡᠵᠦ ᠶᠠᠷᠢᠳᠠᠬ᠃ ᠬᠦᠮᠦᠰ ᠬᠤᠳᠳᠤᠬ ᠢᠶᠠᠨ ᠲᠣᠭᠤᠷᠢᠨ ᠲᠠᠭᠤᠯᠠᠵᠦ ᠪᠦᠵᠢᠭᠯᠡᠵᠦ | ᠪᠠᠷᠠᠬᠰᠠᠨ ᠤ ᠲᠠᠷᠠᠭ᠎ᠠ ᠬᠤᠶᠠᠷ ᠬᠦᠮᠦᠨ ᠬᠤᠪᠣᠭᠤ ᠪᠠᠷ ᠣᠰᠣ ᠲᠠᠳᠠᠵᠦ ᠲᠠᠭᠤᠯᠠᠬᠴᠢᠳ ᠤᠨ ᠲᠡᠭᠡᠷ᠎ᠡ ︿ᠪᠣᠷᠣᠭᠠᠨ | ᠣᠷᠣᠯ᠎ᠠ︕﹀ ︿ᠪᠣᠷᠣᠭᠠᠨ ᠣᠷᠣᠯ᠎ᠠ﹀ ᠭᠡᠵᠦ ᠪᠡᠯᠭᠡ ᠲᠠᠢ ᠦᠭᠡ ᠶᠠᠷᠢᠨ ᠰᠠᠴᠣᠨ᠎ᠠ᠃ ᠡᠨᠡ ᠦᠶ᠎ᠡ ᠳᠤ ᠬᠦᠮᠦᠰ ︿ | ᠪᠣᠷᠣᠭᠠᠨ ᠣᠷᠣᠯ᠎ᠠ︕﹀ ︿ᠶᠡᠭᠡ ᠪᠣᠷᠣᠭᠠᠨ ᠣᠷᠣᠵᠠᠢ﹀ ᠭᠡᠵᠦ ᠬᠠᠰᠭᠢᠷᠣᠯᠳᠣᠨ ᠬᠠᠷᠢᠯᠴᠠᠨ ᠣᠰᠣ ᠰᠦᠷᠴᠢᠯᠳᠦᠨ | ᠪᠣᠷᠣᠭᠠᠨ ᠣᠷᠣᠬᠤ ᠶᠢ ᠪᠡᠯᠭᠡᠰᠢᠶᠡᠳᠡᠭ ᠶᠣᠮ︾ ᠭᠡᠵᠡᠢ᠃ | ᠬᠤᠳᠳᠤᠬ ᠲᠠᠬᠢᠬᠤ ᠵᠠᠩ ᠦᠢᠯᠡ ᠨᠢ ᠦᠨᠡᠨ ᠳᠡᠭᠡᠨ ᠬᠤᠳᠳᠤᠬ ᠤᠨ ᠣᠰᠣ ᠶᠢ ᠠᠮᠢᠴᠢᠯᠠᠨ ᠦᠵᠡᠭᠰᠡᠨ | ᠰᠢᠳᠦᠯᠭᠡ ᠪᠣᠯᠣᠨ᠎ᠠ᠃ ᠲᠠᠷᠣᠢ ᠣᠰᠣ ᠶᠢ ᠰᠢᠳᠦᠵᠦ ᠪᠠᠶᠢᠭ᠎ᠠ ᠦᠵᠡᠭᠳᠡᠯ ᠤᠨ ᠨᠢᠭᠡ ᠲᠦᠷᠦᠯ ᠮᠦᠨ᠃ ᠡᠶᠢᠮᠦ ᠠᠴᠠ | ᠬᠤᠷᠴᠢᠨᠴᠣᠳ ᠤᠨ ᠲᠣᠮᠳᠠ ᠬᠤᠳᠳᠤᠬ ᠤᠨ ᠣᠰᠣᠨ ᠳᠤ ᠬᠤᠬ ᠬᠠᠶᠠᠪᠠᠯ ᠨᠢᠳᠦ ᠰᠣᠬᠤᠷᠠᠨᠠ᠂ ᠬᠤᠳᠳᠤᠬ ᠤᠨ | ᠣᠰᠣᠨ ᠳᠤ ᠨᠢᠯᠪᠣᠪᠠᠯ ᠨᠢᠳᠦ ᠡᠪᠡᠳᠦᠨ᠎ᠡ᠂ ᠬᠤᠳᠳᠤᠬ ᠤᠨ ᠣᠰᠣᠨ ᠳᠤ ᠶᠠᠰᠣ ᠬᠠᠶᠠᠪᠠᠯ ᠡᠪᠡᠳᠴᠢᠨ ᠬᠢᠵᠢᠭ | ᠲᠡᠯᠭᠡᠷᠡᠵᠦ ᠪᠢᠳᠡᠭᠦᠦ ᠪᠡᠳᠡᠬᠢ ᠭᠠᠷᠣᠨ᠎ᠠ ᠭᠡᠬᠦ ᠮᠡᠳᠦ ᠶᠢᠨ ᠴᠡᠭᠡᠷ ᠪᠠᠶᠢᠬᠤ ᠠᠴᠠ ᠭᠠᠳᠠᠨ᠎ᠠ ᠬᠡᠦᠬᠡᠳ ᠬᠤᠳᠳᠤᠬ | ᠲᠣᠭᠤᠷᠢᠨ ᠣᠰᠣ ᠰᠦᠷᠴᠢᠯᠳᠦᠵᠦ ᠭᠦᠶᠦᠵᠦ ᠪᠠᠶᠢᠪᠠᠯ ᠪᠣᠷᠤᠭ᠎ᠠ ᠣᠷᠣᠬᠤ ᠶᠢᠨ ᠲᠡᠮᠳᠡᠭ᠂ ᠦᠬᠡᠷ ᠬᠤᠳᠳᠤᠬ | ᠲᠣᠭᠤᠷᠢᠨ ᠮᠦᠭᠡᠷᠡᠵᠦ ᠪᠠᠶᠢᠪᠠᠯ ᠠᠶᠣᠩᠭᠠᠳᠦ ᠪᠣᠷᠣᠭᠠᠨ ᠣᠷᠣᠬᠤ ᠶᠢᠨ ᠲᠡᠮᠳᠡᠭ ᠁ ᠭᠡᠬᠦ ᠮᠡᠳᠦ ᠶᠢᠨ ᠣᠴᠢᠷ | ᠶᠣᠰᠣ ᠴᠦ ᠪᠠᠶᠢᠳᠠᠬ ᠶᠣᠮ᠃ | ᠬᠤᠳᠳᠤᠬ ᠲᠠᠬᠢᠵᠦ ᠪᠣᠷᠣᠭᠠᠨ ᠭᠤᠶᠣᠬᠤ ᠶᠣᠰᠣᠨ ᠪᠠ ᠨᠠᠭᠤᠷ ᠪᠣᠯᠠᠬ ᠲᠠᠬᠢᠬᠤ ᠶᠣᠰᠣ ᠨᠢ ᠬᠤᠷᠴᠢᠨ | ᠨᠣᠳᠤᠬ ᠤᠨ ᠠᠶᠢᠯ ᠲᠣᠰᠬᠤᠨ ᠤ ᠦᠪᠡᠷᠮᠢᠴᠡ ᠵᠠᠩ ᠦᠢᠯᠡ ᠪᠣᠯᠵᠦ ᠪᠠᠶᠢᠬᠰᠠᠨ ᠶᠣᠮ᠃ ᠠᠶᠢᠯ ᠲᠣᠰᠬᠤᠨ ᠤ | ᠴᠡᠴᠡᠭᠯᠡᠯᠳᠡ ᠬᠦᠭᠵᠢᠯᠳᠡ ᠠᠴᠠ ᠰᠢᠳᠦᠯᠭᠡ ᠪᠢᠰᠢᠷᠡᠯ ᠤᠨ ᠵᠠᠷᠢᠮ ᠵᠠᠩ ᠦᠢᠯᠡ ᠨᠢ ᠶᠠᠪᠣᠬᠤ ᠲᠣᠳᠣᠮ ᠢᠶᠠᠨ | ᠣᠷᠬᠢᠬᠳᠠᠨ ᠦᠭᠡᠷᠡᠴᠢᠯᠡᠭᠳᠡᠵᠦ ᠪᠠᠶᠢᠨ᠎ᠠ᠃ ᠭᠡᠪᠡᠴᠦ ᠡᠳᠡᠭᠡᠷ ᠵᠠᠩ ᠦᠢᠯᠡ ᠨᠢ ᠬᠤᠷᠴᠢᠨᠴᠣᠳ ᠤᠨ ᠣᠰᠣ ᠶᠢ | ᠠᠮᠢᠴᠢᠯᠠᠨ ᠰᠢᠳᠦᠭᠡᠨᠴᠢᠯᠡᠨ ᠲᠠᠬᠢᠵᠦ ᠪᠠᠶᠢᠬᠰᠠᠨ ᠤ ᠪᠣᠳᠠᠳᠦ ᠵᠢᠱᠢᠶ᠎ᠡ ᠣᠯᠠ ᠮᠦᠷ ᠪᠣᠯᠣᠨ ᠣᠳᠣ ᠳᠤ ᠲᠣᠯᠳᠠᠯ᠎ᠠ | ᠦᠯᠡᠳᠡᠵᠡᠢ᠃ |