ᠲᠠᠷᠢᠶ᠎ᠠ ᠬᠠᠳᠤᠵᠤ ᠬᠤᠷᠢᠶ᠋ᠬᠠᠤ ᠵᠠᠩ ᠦᠢᠯᠠ
ᠨᠡᠶᠢᠲᠡᠯᠡᠭᠰᠡᠨ ᠴᠠᠭ᠄
2020-07-10
   ᠨᠠᠮᠤᠷ ᠴᠠᠭ ᠲᠠᠷᠢᠶ᠎ᠠ ᠦᠷᠠᠯᠠᠵᠤ ᠪᠤᠯᠪᠠᠰᠤᠷᠠᠵᠤ ᠭᠦᠢᠴᠡᠭᠰᠠᠠ ᠲᠠᠷᠤᠢ ᠳᠤ ᠲᠠᠷᠢᠶ᠎ᠠ ᠬᠠᠳᠤᠬᠤ ᠠᠵᠢᠯ ᠡᠬᠢᠯᠠᠨ᠎ᠠ᠃ ᠲᠠᠷᠢᠬᠰᠠᠠ ᠡᠳᠤᠷ ᠠᠴᠠ ᠡᠬᠢᠯᠠᠠ ᠪᠤᠳᠤᠵᠤ ᠨᠠᠶᠠ ᠠᠴᠠ ᠶᠠᠷᠠ ᠬᠤᠨᠤᠭ ᠲᠤ ᠮᠤᠩᠭᠤᠯ ᠠᠮᠤ ᠶᠢ ᠬᠠᠳᠤᠨ᠎ᠠ᠃ ᠵᠢᠷᠠ ᠠᠴᠠ ᠲᠠᠯᠠ ᠬᠤᠨᠤᠭ ᠲᠤ ᠰᠠᠭᠠᠭ ᠢ ᠬᠠᠳᠤᠨ᠎ᠠ᠃ ᠲᠠᠷᠢᠶ᠎ᠠ ᠬᠠᠳᠤᠬᠤ ᠠᠴᠠ ᠡᠮᠤᠨ᠎ᠠ ᠶᠠᠭᠤᠠ ᠤ ᠤᠷᠢᠤᠠ ᠲᠠᠷᠢᠶ᠎ᠠ ᠬᠠᠳᠤᠬᠤ ᠪᠠᠯᠠᠤᠠᠬᠡᠯ ᠠᠵᠢᠯ ᠢ ᠰᠠᠶᠢᠳᠤᠷ ᠬᠢᠨ᠎ᠠ᠃ ᠲᠦᠷᠤᠭᠦᠤ ᠵᠢᠯ ᠳᠤ ᠲᠠᠷᠢᠶ᠎ᠠ ᠬᠠᠳᠤᠵᠤ ᠲᠠᠭᠤᠰᠤᠭᠠᠤᠠ ᠬᠤᠷᠢᠶᠠᠬᠰᠠᠠ ᠬᠠᠳᠤᠭᠤᠷ ᠢᠶᠠᠨ ᠭᠠᠷᠭᠠᠵᠤ ᠰᠠᠶᠢᠳᠤᠷ ᠢᠷᠯᠠᠠ ᠪᠠᠯᠠᠤᠠᠬᠡᠨ᠎ᠠ᠃ ᠭᠦᠷᠢᠶ᠎ᠠ ᠳᠤ ᠲᠠᠷᠢᠶ᠎ᠠ ᠬᠠᠳᠤᠬᠤ ᠳᠤ ᠭᠤᠬᠢᠭᠠᠷ ᠬᠠᠳᠤᠭᠤᠷ ᠪᠤᠶᠤ ᠭᠦᠠᠳᠠᠯᠡᠡ ᠬᠠᠳᠤᠭᠤᠷ ᠢ ᠬᠡᠷᠡᠭᠯᠠᠨ᠎ᠠ᠃ ᠭᠤᠬᠢᠭᠠᠷ ᠬᠠᠳᠤᠭᠤᠷ ᠬᠡᠳᠡᠭ ᠨᠢ ᠬᠠᠪᠢᠷᠭᠠᠠ ᠰᠠᠷᠠᠠ ᠤ ᠬᠡᠯᠪᠠᠷᠢᠳᠠᠢ ᠬᠠᠳᠤᠭᠤᠷ ᠢ ᠬᠡᠯᠠᠨ᠎ᠠ᠃ ᠭᠦᠠᠳᠠᠯᠠᠠ ᠬᠠᠳᠤᠭᠤᠷ ᠢ ᠠᠪᠴᠤ ᠶᠠᠪᠤᠬᠤ ᠳᠤ ᠲᠦᠭᠦᠮ ᠢ ᠪᠤᠳᠤᠵᠤ ᠨᠤᠬᠤᠯᠠᠵᠤ ᠬᠤᠷᠢᠶᠠᠵᠤ ᠪᠤᠯᠬᠤ ᠪᠠᠷ ᠵᠤᠬᠢᠶ᠋ᠬᠠᠤ ᠴᠤ ᠪᠠᠶᠢᠳᠠᠭ᠃ ᠡᠭᠦᠠ ᠢ ᠪᠠᠰᠠ ᠬᠠᠪᠴᠢ ᠬᠠᠳᠤᠭᠤᠷ ᠬᠡᠵᠤ ᠨᠠᠷᠠᠯᠠᠳᠡᠭ᠃ ᠨᠠᠮᠤᠷ ᠤᠨ ᠬᠤᠷᠢᠶᠠᠯᠳᠠ ᠶᠢᠨ ᠡᠷᠢᠠ ᠪᠤᠯ ᠲᠠᠷᠢᠶᠠᠴᠢᠠ ᠠᠶᠢᠯ ᠤᠨ ᠬᠠᠮᠤᠭ ᠤᠨ ᠶᠠᠭᠠᠷᠠᠤ ᠦᠶ᠎ᠠ ᠪᠤᠯᠬᠤᠷ ᠬᠠᠳᠤᠬᠤ ᠦᠶ᠎ᠠ ᠳᠤ ᠵᠠᠷᠢᠮ ᠭᠦᠳᠠᠯᠮᠤᠷᠢ ᠭᠦᠴᠤ ᠪᠠᠭ᠎ᠠ ᠠᠶᠢᠯ ᠡᠷᠤᠬᠡ ᠨᠢ ᠤᠶᠢᠷ᠎ᠠ ᠲᠦᠷᠤᠯ ᠢᠶᠠᠷ ᠢᠶᠠᠨ ᠬᠠᠪᠰᠤᠷᠤᠭᠤᠯᠬᠤ ᠪᠤᠶᠤ ᠭᠠᠳᠠᠨ᠎ᠠ ᠠᠴᠠ ᠭᠦᠮᠤᠠ ᠭᠦᠯᠤᠰᠤᠯᠠᠠ ᠬᠠᠳᠤᠭᠤᠯᠬᠤ ᠴᠤ ᠪᠤᠢ᠃ ᠰᠠᠭᠠᠭ ᠪᠤᠶᠤ ᠵᠠᠷᠢᠮ ᠪᠤᠷᠴᠠᠭ ᠤᠨ ᠵᠦᠢᠯ ᠢ ᠫᠥᠰᠠ ᠲᠠᠯᠪᠢᠬᠰᠠᠠ ᠤᠤᠯ ᠶᠤᠰᠤ ᠪᠠᠷ ᠦᠯᠡᠳᠡᠬᠡᠵᠦ᠂ ᠮᠤᠩᠭᠤᠯ ᠠᠮᠤ ᠨᠠᠷᠢᠮᠤ ᠵᠡᠷᠬᠡ ᠶᠢ ᠪᠤᠯ ᠪᠤᠭᠤᠵᠢᠯᠠᠨ ᠲᠠᠪᠤ ᠪᠤᠶᠦ ᠠᠷᠪᠠᠨ ᠪᠤᠭᠤᠵᠢ ᠪᠠᠷ ᠴᠤᠭᠯᠠᠭᠤᠯᠤᠨ ᠲᠡᠬᠡᠬᠡᠭᠦ ᠳᠤ ᠪᠡᠯᠡᠬᠡᠨ ᠪᠤᠯᠭᠠᠨ᠎ᠠ᠃ ᠮᠤᠩᠭᠤᠯ ᠠᠮᠤ ᠶᠢ ᠵᠠᠷᠢᠮ ᠳᠤ ᠪᠠᠨ ᠪᠠᠰᠠ ᠬᠡᠳᠦᠨ ᠡᠳᠦᠷ ᠤᠨ ᠨᠠᠷᠠ ᠰᠠᠯᠬᠢᠨ ᠳᠤ ᠲᠡᠯᠬᠡᠨ ᠬᠠᠳᠠᠭᠠᠭᠠᠳ ᠰᠠᠶ᠋ᠢ ᠪᠤᠭᠤᠵᠢᠯᠠᠨ ᠬᠤᠷᠢᠶᠠᠳᠠᠭ᠃ ᠬᠡᠭᠦ ᠳᠤ ᠤᠯᠠᠩᠬᠢ ᠳᠤ ᠪᠠᠨ ᠡᠷᠳᠠ ᠶᠢᠨ ᠰᠡᠷᠢᠭᠦᠨ ᠤ ᠰᠢᠭᠦᠳᠡᠷᠢ ᠪᠠᠭᠤᠭᠰᠠᠨ ᠴᠢᠬᠢᠭ ᠢ ᠠᠰᠢᠭᠯᠠᠨ ᠲᠠᠷᠢᠶ᠎ᠠ ᠪᠤᠭᠤᠵᠢᠯᠠᠳᠠᠭ᠃    ᠲᠠᠷᠢᠶ᠎ᠠ ᠬᠠᠳᠤᠵᠦ ᠲᠠᠭᠤᠰᠤᠭᠰᠠᠨ ᠤ ᠲᠠᠷᠠᠭ᠎ᠠ᠂ ᠲᠠᠷᠢᠶ᠎ᠠ ᠶᠢ ᠦᠳᠦᠷᠮ᠎ᠡ ᠳᠤ ᠲᠡᠬᠡᠬᠡᠵᠦ ᠤᠷᠤᠭᠤᠯᠬᠤ ᠠᠵᠢᠯ ᠴᠦ ᠮᠠᠰᠢ ᠲᠤᠯᠭᠠᠮ ᠪᠤᠯᠳᠠᠭ᠃ ᠦᠷᠡᠯᠡᠵᠦ ᠪᠤᠯᠪᠠᠰᠤᠷᠠᠭᠰᠠᠨ ᠲᠠᠷᠢᠶ᠎ᠠ ᠨᠢ ᠨᠡᠯᠢᠶᠡᠳ ᠭᠦᠨᠳᠦ ᠪᠠᠶᠢᠳᠠᠭ ᠪᠤᠯᠬᠤᠷ ᠲᠠᠷᠢᠶ᠎ᠠ ᠲᠡᠬᠡᠬᠡᠭᠦ ᠳᠤ ᠡᠷᠬᠡᠪᠰᠢ ᠭᠦᠴᠦ ᠰᠠᠶᠢᠳᠠᠢ ᠭᠦᠯᠬᠡ ᠤᠨᠤᠭ᠎ᠠ ᠶᠢ ᠲᠡᠷᠬᠡᠨ ᠳᠤ ᠭᠦᠯᠯᠡᠳᠡᠭ ᠶᠤᠮ᠃ ᠲᠠᠷᠢᠶ᠎ᠠ ᠲᠡᠬᠡᠬᠡᠪᠤᠷᠢᠯᠡᠭᠦ ᠳᠤ ᠲᠦᠷᠪᠡ ᠭᠦᠯᠦᠭᠰᠡᠨ ᠮᠤᠷᠢᠨ ᠲᠡᠷᠬᠡ ᠪᠤᠶᠦ ᠦᠬᠡᠷ ᠲᠡᠷᠬᠡ ᠶᠢ ᠬᠡᠷᠡᠭᠯᠡᠵᠦ ᠪᠠᠶᠢᠳᠠᠭ᠃ ᠲᠡᠷᠢᠶ᠎ᠡ ᠲᠡᠬᠡᠬᠡᠭᠦ ᠳᠤ ᠪᠠᠨ ᠡᠷᠬᠡᠪᠰᠢ ᠰᠢᠭᠦᠳᠡᠷᠢ ᠪᠠᠭᠤᠭᠰᠠᠨ ᠴᠢᠬᠢᠭᠯᠢᠭ ᠦᠷᠯᠦᠬᠡ ᠶᠢ ᠰᠤᠩᠭᠤᠭᠰᠠᠨ ᠪᠠᠶᠢᠬᠤ ᠬᠡᠷᠡᠭᠳᠡᠢ᠃ ᠵᠠᠷᠢᠮ ᠭᠦᠮᠦᠰ ᠴᠢᠬᠢᠭ ᠢ ᠠᠰᠢᠭᠯᠠᠬᠤ ᠶᠢᠨ ᠲᠦᠯᠦᠬᠡ ᠰᠦᠨᠢ ᠲᠦᠯᠢ ᠪᠠᠷ ᠪᠤᠰᠴᠦ ᠲᠠᠷᠢᠶ᠎ᠠ ᠲᠡᠬᠡᠬᠡᠪᠦᠷᠢᠯᠡᠵᠦ᠂ ᠪᠠᠭ᠎ᠠ ᠦᠳᠠ ᠪᠤᠯᠬᠤ ᠬᠢᠷᠢ ᠳᠤ ᠠᠵᠢᠯ ᠠᠴᠠ ᠪᠠᠨ ᠪᠠᠭᠤᠴᠢᠬᠠᠳᠠᠭ ᠶᠤᠮ᠃    ᠠᠩᠬ᠎ᠠ ᠡᠬᠢᠯᠡᠵᠦ ᠲᠠᠷᠢᠶᠠᠯᠠᠬᠤ ᠳᠤ ᠪᠠᠨ ᠬᠠᠮᠢᠭ᠎ᠠ ᠲᠠᠷᠢᠭᠰᠠᠨ ᠪᠤᠯ ᠲᠠᠨᠳᠠ ᠪᠠᠨ ᠲᠠᠷᠢᠶ᠎ᠠ ᠪᠠᠨ ᠠᠪᠤᠭᠠᠳ ᠠᠮᠤ ᠲᠠᠷᠢᠶ᠎ᠠ ᠪᠠᠨ ᠬᠡᠬᠡᠷ᠎ᠡ ᠨᠦᠬᠡᠴᠡᠯᠡᠵᠦ ᠲᠠᠯᠪᠢᠳᠠᠭ ᠪᠠᠶᠢᠵᠠᠢ᠃ ᠲᠠᠷᠢᠶᠠᠯᠠᠬᠤ ᠠᠮᠢᠳᠤᠷᠠᠯ ᠤᠨ ᠨᠡᠩ ᠶᠡᠭᠡ ᠦᠷᠬᠡᠵᠢᠯ  ᠤᠨ ᠦᠷ᠎ᠡ ᠳ᠋ᠦᠩ ᠳᠤ ᠰᠠᠶ᠋ᠢ ᠲᠠᠷᠢᠶ᠎ᠠ ᠶᠢ ᠬᠡᠷ ᠲᠤ ᠪᠠᠨ ᠲᠡᠬᠡᠬᠡᠨ ᠠᠪᠴᠢᠷᠠᠵᠦ ᠲᠤᠰᠬᠠᠢ ᠪᠡᠯᠡᠳᠬᠡᠭᠰᠡᠨ ᠦᠳᠦᠷᠮ᠎ᠠ  ᠳᠤ ᠪᠠᠨ ᠦᠳᠦᠷᠮᠡᠯᠡᠵᠦ ᠠᠪᠬᠤ ᠪᠤᠯᠵᠠᠢ᠃ ᠶᠡᠷᠦᠩᠬᠡᠢ ᠳᠤ ᠪᠠᠨ ᠲᠠᠷᠢᠶᠠᠨ ᠤ ᠡᠰᠢ ᠰᠦᠷᠡᠯ ᠬᠢᠬᠡᠳ ᠪᠤᠳᠠᠭ᠎ᠠ ᠶᠢ ᠰᠠᠯᠭᠠᠬᠤ ᠦᠢᠯᠡ ᠶᠢ ᠦᠳᠦᠷᠮ᠎ᠡ ᠠᠪᠬᠤ ᠪᠤᠶᠦ ᠦᠳᠦᠷᠮᠡᠯᠡᠭᠦ ᠬᠡᠳᠡᠭ᠃ ᠨᠠᠮᠤᠷ ᠴᠠᠭ ᠲᠤ ᠲᠠᠷᠢᠶ᠎ᠠ ᠪᠠᠨ ᠬᠠᠳᠤᠭᠠᠳ ᠲᠡᠬᠡᠬᠡᠵᠦ ᠤᠷᠤᠭᠤᠯᠬᠤ ᠠᠴᠠ ᠡᠮᠦᠨ᠎ᠡ ᠦᠳᠦᠷᠮᠡᠯᠡᠭᠦ ᠶᠢᠨ ᠪᠡᠯᠡᠳᠬᠡᠯ ᠠᠵᠢᠯ ᠢ ᠰᠠᠶᠢᠳᠦᠷ ᠬᠢᠭᠦ ᠬᠡᠷᠡᠭᠳᠡᠢ᠃ ᠦᠳᠦᠷᠮ᠎ᠡ ᠶᠢᠨ ᠭᠦᠷᠢᠶ᠎ᠡ ᠬᠠᠰᠢᠶ᠎ᠠ ᠶᠢ ᠪᠠᠶᠢᠴᠠᠭᠠᠨ ᠪᠠᠬᠢᠯᠡᠵᠦ᠂ ᠡᠪᠳᠡᠷᠡᠭᠰᠡᠨ ᠬᠡᠰᠡᠭ ᠢ ᠵᠠᠰᠠᠨ ᠰᠡᠯᠪᠢᠨ᠎ᠡ᠃ ᠦᠳᠦᠷᠮ᠎ᠡ ᠶᠢᠨ ᠲᠤᠯᠢ ᠳᠤ ᠤᠷᠭᠤᠭᠰᠠᠨ ᠡᠪᠡᠰᠦ ᠤᠷᠭᠤᠮᠠᠯ ᠢ ᠬᠠᠷᠤᠵᠦ᠂ ᠵᠠᠷᠢᠮ ᠴᠤᠭᠤᠷᠠᠵᠦ ᠡᠪᠳᠡᠷᠡᠭᠰᠡᠨ ᠬᠡᠰᠡᠭ ᠲᠤ ᠰᠢᠪᠡᠷ ᠲᠠᠪᠢᠰᠴᠦ ᠲᠡᠭᠰᠢ ᠮᠦᠷᠳᠡᠬᠡᠨ ᠬᠠᠳᠠᠭᠤ ᠪᠠᠬᠢᠯᠢᠭ᠌ ᠪᠤᠯᠭᠠᠨ᠎ᠠ᠃ ᠬᠠᠮᠳᠦ ᠳᠤ ᠨᠢ ᠦᠳᠦᠷᠮ᠎ᠡ ᠠᠪᠬᠤ ᠳᠤ ᠬᠡᠷᠡᠭᠯᠡᠳᠡᠭ ᠪᠤᠯᠤ᠂ ᠠᠴᠠ᠂ ᠰᠠᠪᠠᠷ᠂ ᠮᠤᠳᠤᠨ ᠭᠦᠷᠵᠡ᠂ ᠦᠬᠡᠷ ᠮᠤᠷᠢ ᠵᠡᠷᠬᠡ ᠭᠦᠯᠬᠡ ᠤᠨᠤᠭ᠎ᠠ ᠪᠤᠶᠦ ᠪᠠᠭᠠᠵᠢ ᠵᠡᠪᠰᠡᠭ ᠢᠶᠠᠨ ᠪᠡᠯᠡᠬᠡᠨ ᠪᠤᠯᠭᠠᠨ᠎ᠠ᠃ ᠲᠠᠷᠢᠶ᠎ᠠ ᠪᠠᠨ ᠦᠳᠦᠷᠮ᠎ᠠ ᠳᠤ ᠲᠡᠬᠡᠬᠡᠵᠦ ᠤᠷᠤᠭᠤᠯᠬᠤ  ᠳᠤ ᠪᠠᠨ ᠡᠯ᠎ᠡ ᠲᠦᠷᠦᠯ ᠤᠨ ᠠᠮᠤ ᠲᠠᠷᠢᠮᠠᠯ ᠢ ᠲᠤᠰ ᠲᠤᠰ ᠲᠤ ᠨᠢ ᠤᠪᠤᠭᠠᠯᠠᠬᠤ ᠪᠤᠶᠦ ᠲᠠᠯᠬᠡᠨ ᠬᠠᠳᠠᠭᠠᠳᠠᠭ᠃ ᠠᠮᠤ ᠲᠠᠷᠢᠮᠠᠯ ᠨᠢ ᠬᠠᠳᠠᠵᠦ ᠴᠢᠬᠢᠭ ᠦᠬᠡᠢ ᠪᠤᠯᠤᠭᠠᠳ ᠡᠰᠢ ᠰᠦᠷᠠᠯ ᠠᠴᠠ ᠨᠢ ᠰᠠᠯᠭᠠᠵᠦ ᠪᠤᠯᠬᠤ ᠦᠶ᠎ᠡ ᠳᠤ ᠦᠳᠦᠷᠮ᠎ᠡ ᠠᠪᠴᠦ ᠪᠤᠯᠳᠠᠭ᠃    ᠠᠮᠤ ᠲᠠᠷᠢᠮᠠᠯ ᠢ ᠦᠳᠦᠷᠮ᠎ᠠ ᠳᠤ ᠲᠡᠬᠡᠬᠡᠵᠦ ᠤᠷᠤᠭᠤᠯᠤᠭᠠᠳ ᠨᠠᠮᠤᠷ ᠤᠨ ᠬᠤᠷᠢᠶᠠᠯᠳᠠ ᠶᠢᠨ ᠠᠵᠢᠯ ᠨᠡᠯᠢᠶᠡᠳ ᠵᠦᠭᠰᠢᠷᠡᠨ᠂ ᠲᠡᠬᠡᠬᠡᠵᠦ ᠤᠷᠤᠭᠤᠯᠤᠭᠰᠠᠨ ᠲᠠᠷᠢᠶ᠎ᠠ ᠲᠦᠮᠦᠰᠦ ᠬᠠᠳᠠᠵᠦ ᠬᠠᠭᠤᠷᠠᠢ ᠪᠤᠯᠤᠭᠰᠠᠨ ᠤ ᠲᠠᠷᠠᠭ᠎ᠠ ᠡᠬᠢᠯᠡᠨ ᠦᠳᠦᠷᠮ᠎ᠡ ᠠᠪᠴᠦ ᠪᠤᠯᠤᠨ᠎ᠠ᠃ ᠰᠢᠰᠢ ᠶᠢ ᠵᠠᠷᠢᠮ ᠭᠠᠵᠠᠷ ᠤᠨ ᠭᠦᠮᠦᠰ ᠬᠡᠬᠡᠷ᠎ᠡ ᠵᠤᠭᠰᠤᠭ᠎ᠠ ᠪᠠᠷ ᠨᠢ ᠲᠤᠯᠤᠭᠠᠢ ᠶᠢ  ᠨᠢ ᠮᠦᠴᠢᠵᠦ ᠠᠪᠤᠭᠠᠳ ᠦᠳᠦᠷᠮ᠎ᠡ ᠳᠤ ᠪᠠᠨ ᠠᠪᠴᠢᠷᠠᠵᠦ ᠪᠤᠯᠤᠳᠠᠵᠦ ᠠᠪᠳᠠᠭ᠃    ᠦᠳᠦᠷᠮ᠎ᠡ ᠠᠪᠬᠤ ᠳᠤ ᠤᠷᠢᠳ ᠢᠶᠠᠷ ᠰᠠᠭᠠᠭ᠂ ᠪᠤᠷᠴᠠᠭ ᠵᠡᠷᠬᠡ ᠪᠤᠭᠤᠵᠢᠯᠠᠭᠰᠠᠨ ᠦᠬᠡᠢ ᠵᠠᠳᠠᠭᠠᠢ ᠲᠠᠷᠢᠮᠠᠯ ᠢ ᠠᠪᠳᠠᠭ᠃ ᠲᠠᠷᠠᠭ᠎ᠠ ᠨᠢ ᠰᠠᠶ᠋ᠢ ᠨᠠᠷᠢᠮᠤ᠂ ᠮᠤᠩᠭᠤᠯ ᠠᠮᠤ ᠵᠡᠷᠬᠡ ᠪᠤᠭᠤᠵᠢ ᠲᠠᠢ ᠲᠠᠷᠢᠶ᠎ᠠ ᠪᠠᠨ ᠠᠪᠳᠠᠭ᠃ ᠬᠡᠭᠦ ᠳᠤ  ᠪᠠᠨ ᠠᠪᠬᠤ ᠬᠡᠵᠦ ᠪᠠᠶᠢᠭ᠎ᠠ ᠲᠠᠷᠢᠶ᠎ᠠ ᠪᠠᠨ ᠦᠳᠦᠷᠮ᠎ᠠ ᠶᠢᠨ ᠲᠤᠯᠢ ᠲᠡᠬᠡᠷ᠎ᠡ ᠪᠠᠨ ᠨᠢᠮᠬᠡᠨ ᠵᠤᠵᠠᠭᠠᠨ ᠢ ᠨᠢ ᠲᠡᠩᠨᠡᠭᠦᠯᠦᠨ ᠲᠡᠪᠢᠰᠴᠦ ᠪᠤᠯᠤᠳᠠᠬᠤ ᠪᠤᠶᠦ ᠦᠬᠡᠷ ᠮᠤᠷᠢ ᠪᠠᠷ ᠬᠢᠰᠭᠢᠭᠦᠯᠭᠦ ᠳᠤ ᠪᠡᠯᠡᠬᠡᠨ ᠪᠤᠯᠭᠠᠳᠠᠭ᠃ ᠠᠳᠠᠯᠢ ᠪᠤᠰᠤ ᠶᠢᠨ ᠲᠠᠷᠢᠶ᠎ᠠ ᠶᠢ ᠠᠳᠠᠯᠢ ᠪᠤᠰᠤ ᠪᠠᠷ ᠲᠠᠪᠢᠰᠴᠦ ᠵᠠᠷᠢᠮ ᠢ ᠨᠢ ᠡᠰᠢ ᠰᠦᠷᠠᠯ ᠲᠠᠢ ᠨᠢ ᠬᠠᠮᠳᠦ ᠪᠤᠯᠤᠳᠠᠳᠠᠭ ᠪᠤᠯ᠂ ᠵᠠᠷᠢᠮ ᠲᠠᠷᠢᠶ᠎ᠠ ᠶᠢ ᠡᠰᠢ ᠰᠦᠷᠠᠯ ᠠᠴᠠ ᠨᠢ ᠤᠷᠢᠳ ᠢᠶᠠᠷ ᠰᠠᠯᠭᠠᠵᠦ ᠠᠪᠤᠭᠠᠳ ᠪᠤᠯᠤᠳᠠᠵᠦ ᠠᠪᠤᠨ᠎ᠠ᠃ ᠠᠪᠬᠤ ᠲᠠᠷᠢᠶᠠᠨ ᠤ ᠬᠡᠮᠵᠢᠶ᠎ᠡ ᠨᠢ ᠪᠠᠭ᠎ᠠ ᠪᠤᠯ ᠰᠢᠭᠤᠳ ᠠᠴᠠ ᠮᠤᠳᠦ ᠪᠠᠷ ᠴᠤᠬᠢᠵᠦ ᠠᠪᠤᠨ᠎ᠠ᠃ ᠦᠬᠡᠷ ᠢᠶᠠᠷ ᠬᠢᠰᠬᠢᠭᠦᠯᠭᠦ ᠳᠤ ᠤᠯᠠᠩᠬᠢ ᠳᠤ ᠪᠠᠨ ᠲᠦᠷᠪᠡ ᠲᠠᠪᠤᠨ ᠦᠬᠡᠷ ᠢ ᠰᠤᠩᠭᠤᠵᠦ ᠦᠳᠡᠰᠢ ᠤᠷᠤᠢ ᠪᠠᠷ ᠬᠢᠳᠡᠭ᠃ ᠬᠡᠷᠪᠡ ᠲᠡᠪᠢᠰᠦᠭᠰᠡᠨ ᠲᠠᠷᠢᠶᠠᠨ ᠤ ᠬᠡᠪᠴᠢᠶ᠎ᠡ ᠨᠢ ᠪᠠᠭ᠎ᠠ ᠪᠤᠯ ᠬᠤᠶᠠᠷ ᠠᠴᠠ ᠭᠤᠷᠪᠠᠨ ᠦᠬᠡᠷ ᠢᠶᠠᠷ ᠬᠢᠰᠬᠢᠭᠦᠯᠦᠨ᠎ᠡ᠃ ᠦᠬᠡᠷ ᠢᠶᠠᠨ ᠭᠦᠵᠦᠭᠦᠦ ᠭᠦᠵᠦᠭᠦᠦ ᠠᠴᠠ ᠨᠢ ᠬᠤᠯᠪᠤᠵᠦ ᠤᠶᠠᠭᠠᠳ ᠬᠠᠮᠤᠭ ᠤᠨ ᠲᠤᠤᠷᠠᠬᠢ ᠦᠬᠡᠷ ᠤᠨ ᠡᠪᠡᠷ  ᠲᠤ ᠪᠠᠷᠢᠶ᠎ᠠ ᠬᠢᠵᠦ ᠦᠬᠡᠷ ᠶᠠᠪᠤᠭᠤᠯᠬᠤ ᠭᠦᠮᠦᠨ ᠠᠳᠬᠤᠵᠦ ᠶᠠᠪᠤᠭᠤᠯᠤᠨ᠎ᠠ᠃ ᠲᠠᠷᠢᠶᠠᠯᠠᠬᠤ ᠠᠮᠢᠳᠤᠷᠠᠯ ᠤᠨ ᠦᠷᠬᠡᠵᠢᠯ ᠤᠨ ᠲᠠᠭᠠᠤ ᠳᠤ ᠲᠠᠷᠢᠶ᠎ᠠ ᠠᠪᠬᠤ ᠳᠤ ᠪᠦᠷ ᠪᠤᠯᠤ ᠬᠡᠷᠡᠭᠯᠡᠭᠦ ᠪᠤᠯᠪᠠ᠃ ᠪᠤᠯᠤ ᠴᠢᠷᠭᠦ ᠳᠤ ᠲᠦᠷᠬᠡᠨ ᠢ ᠪᠤᠳᠤᠵᠦ ᠤᠯᠠᠩᠬᠢ ᠳᠤ ᠪᠠᠨ ᠦᠬᠡᠷ ᠢᠶᠠᠷ ᠴᠢᠷᠦᠭᠦᠯᠳᠡᠭ ᠦᠬᠡᠢ᠂ ᠬᠠᠷᠢᠨ ᠮᠤᠷᠢ ᠡᠯᠵᠢᠬᠡ ᠪᠤᠶᠦ ᠯᠠᠭᠤᠰᠠ ᠪᠠᠷ ᠴᠢᠷᠦᠭᠦᠯᠳᠡᠭ᠃ ᠭᠦᠮᠦᠨ ᠠᠮᠠ ᠤᠯᠠᠨᠳᠠᠢ ᠲᠠᠷᠢᠶ᠎ᠠ ᠤᠯᠠᠨ ᠲᠠᠷᠢᠳᠠᠭ ᠠᠶᠢᠯ ᠬᠡᠷ ᠤᠨ ᠬᠢᠨ ᠪᠤᠯ ᠲᠷᠡᠺᠲ᠋ᠤᠷ ᠢᠶᠠᠷ ᠴᠢᠷᠦᠭᠦᠯᠭᠦ ᠴᠦ ᠪᠠᠶᠢᠳᠠᠭ ᠶᠤᠮ᠃    ᠲᠠᠷᠢᠶ᠎ᠠ ᠪᠠᠨ ᠪᠤᠯᠤᠳᠠᠵᠦ ᠲᠠᠭᠤᠰᠤᠭᠰᠠᠨ ᠤ ᠲᠠᠷᠠᠭ᠎ᠠ ᠲᠤᠬᠢᠷᠠᠮᠵᠢᠳᠠᠢ ᠵᠢᠪᠠᠷ ᠰᠠᠯᠬᠢᠨ ᠲᠠᠢ ᠡᠳᠦᠷ ᠢ ᠰᠤᠩᠭᠤᠵᠦ ᠪᠤᠳᠠᠭ᠎ᠠ ᠪᠠᠨ ᠬᠠᠶᠠᠵᠦ ᠪᠤᠳᠠᠭ᠎ᠠ ᠪᠠᠨ ᠢᠯᠭᠠᠷᠠᠭᠤᠯᠵᠦ ᠠᠪᠳᠠᠭ᠃ ᠡᠭᠦᠨ ᠢ ᠦᠳᠦᠷᠮ᠎ᠠ ᠬᠡᠶᠢᠰᠬᠡᠭᠦ ᠪᠤᠶᠦ ᠪᠤᠳᠠᠭ᠎ᠠ ᠬᠡᠶᠢᠰᠬᠡᠭᠦ ᠬᠡᠨ᠎ᠡ᠃ ᠡᠭᠦᠨ ᠳᠤ ᠤᠷᠢᠳ ᠢᠶᠠᠷ ᠡᠰᠢ ᠰᠦᠷᠠᠯ ᠠᠴᠠ ᠨᠢ ᠰᠠᠯᠭᠠᠭᠰᠠᠨ ᠪᠤᠳᠠᠭ᠎ᠠ ᠪᠠᠨ ᠦᠳᠦᠷᠮ᠎ᠡ ᠶᠢᠨ ᠲᠤᠯᠢ ᠳᠤ ᠤᠪᠤᠭᠠᠯᠠᠵᠦ ᠲᠠᠯᠪᠢᠭᠠᠳ ᠨᠢᠬᠡ ᠪᠤᠶᠦ ᠬᠤᠶᠠᠷ ᠭᠦᠮᠦᠨ ᠮᠤᠳᠤᠨ ᠭᠦᠷᠵᠠ ᠪᠠᠷ ᠵᠢᠪᠠᠷ ᠦᠬᠡᠳᠠ ᠪᠤᠳᠠᠭ᠎ᠠ ᠪᠠᠨ ᠬᠠᠶᠠᠨ᠎ᠠ᠃ ᠪᠤᠳᠠᠭ᠎ᠠ ᠤᠷᠤᠭᠰᠠᠨ ᠢᠶᠠᠷ ᠰᠠᠶᠢᠨ ᠮᠦᠭᠦᠯᠢᠭ ᠲᠠᠢ ᠪᠤᠳᠠᠭ᠎ᠠ ᠨᠢ ᠵᠢᠪᠠᠷ ᠤᠨ ᠲᠡᠬᠡᠷ᠎ᠡ ᠲᠠᠯ᠎ᠠ ᠳᠤ ᠲᠤᠰᠴᠦ᠂ ᠬᠡᠶᠢᠳᠠᠮ ᠴᠤᠤᠬᠠᠯ ᠪᠤᠶᠦ ᠬᠤᠭ ᠯᠠᠢ ᠨᠢ ᠵᠢᠪᠡᠷ ᠤᠨ ᠲᠤᠤᠷ᠎ᠠ ᠲᠠᠯ᠎ᠠ ᠳᠤ ᠤᠨᠠᠨ᠎ᠠ᠃ ᠦᠢᠯᠡᠳᠪᠦᠷᠢᠯᠡᠯ ᠤᠨ ᠭᠦᠴᠦᠨ ᠤ ᠭᠦᠭᠵᠢᠯᠳᠠ ᠶᠢᠨ ᠲᠠᠭᠠᠤ ᠳᠤ ᠤᠳᠤᠬᠠᠨ ᠳᠤ ᠨᠢᠬᠡᠨᠳᠠ ᠮᠠᠰᠢᠨ ᠢᠶᠠᠷ ᠲᠠᠷᠢᠶ᠎ᠠ ᠠᠪᠬᠤ ᠪᠤᠯᠵᠦ᠂ ᠶᠠᠪᠤᠬᠤ ᠲᠤᠳᠤᠮ ᠲᠦᠭᠦᠮ ᠪᠤᠯᠵᠦ ᠪᠠᠶᠢᠨ᠎ᠠ᠃    ᠦᠳᠦᠷᠮ᠎ᠠ ᠬᠡᠶᠢᠰᠬᠡᠵᠦ ᠲᠠᠭᠤᠰᠤᠭᠰᠠᠨ ᠤ ᠲᠠᠷᠠᠭ᠎ᠠ ᠪᠤᠳᠠᠭ᠎ᠠ ᠪᠠᠨ ᠶᠡᠨᠳᠠᠨ ᠭᠦᠮᠦᠷᠬᠡᠯᠡᠳᠡᠭ᠃ ᠪᠤᠳᠠᠭ᠎ᠠ ᠶᠢ ᠶᠡᠷᠦ ᠳᠡᠭᠡᠨ ᠳ᠋ᠸᠦ ᠪᠠᠷ ᠬᠡᠮᠵᠢᠶᠡᠯᠡᠵᠦ ᠳ᠋ᠠᠨ ᠢᠶᠠᠷ ᠪᠤᠳᠤᠳᠠᠭ᠃ ᠪᠤᠳᠠᠭ᠎ᠠ ᠪᠠᠨ ᠪᠤᠷᠭᠠᠰᠤᠨ ᠳ᠋ᠦᠩᠰᠡ ᠪᠤᠶᠦ ᠭᠠᠩ ᠰᠠᠪᠠ᠂ ᠱᠦᠸᠧᠽᠢ ᠳᠤ ᠬᠢᠵᠦ ᠬᠠᠳᠠᠭᠠᠯᠠᠳᠠᠭ᠃    ᠪᠤᠳᠠᠭ᠎ᠠ ᠪᠠᠨ ᠭᠦᠮᠦᠷᠬᠡᠯᠡᠵᠦ ᠲᠠᠭᠤᠰᠪᠠᠯ ᠨᠢᠬᠡ ᠵᠢᠯ ᠤᠨ ᠲᠠᠷᠢᠶᠠᠨ ᠠᠵᠢᠯ ᠡᠴᠤᠰ ᠤᠨ ᠰᠢᠪᠳᠤᠷᠠᠭᠠᠨ ᠳᠤ ᠪᠠᠨ ᠤᠷᠤᠳᠠᠭ᠃ ᠡᠨᠡ ᠦᠶ᠎ᠡ ᠳᠤ ᠦᠳᠦᠷᠮ᠎ᠠ ᠲᠡᠬᠡᠷ᠎ᠡ ᠮᠤᠳᠤᠨ ᠭᠦᠷᠵᠠ᠂ ᠠᠴᠠ᠂ ᠱᠦᠭᠦᠷ᠂ ᠪᠤᠯᠤ ᠵᠡᠷᠬᠡ ᠪᠠᠭᠠᠵᠢ ᠬᠡᠷᠡᠭᠰᠡᠯ ᠢᠶᠠᠨ ᠴᠤᠭᠯᠠᠭᠤᠯᠵᠦ᠂ ᠬᠠᠵᠠᠭᠤ ᠳᠤ ᠨᠢ ᠭᠠᠯ ᠲᠦᠯᠡᠵᠦ ᠡᠷᠭᠦᠴᠡ ᠪᠠᠷᠢᠴᠠ ᠡᠷᠭᠦᠨ ᠦᠳᠦᠷᠮ᠎ᠠ ᠪᠠᠨ ᠲᠠᠬᠢᠨ᠎ᠠ᠃ ᠵᠠᠷᠤᠵᠦ ᠬᠡᠷᠡᠭᠯᠡᠭᠰᠡᠨ ᠪᠠᠭᠠᠵᠢ ᠵᠡᠪᠰᠡᠭ ᠲᠡᠬᠡᠷ᠎ᠡ ᠪᠠᠨ ᠪᠠᠰᠠ ᠠᠷᠢᠬᠢ ᠰᠦᠷᠴᠢᠨ ᠮᠢᠯᠢᠶᠠᠳᠠᠭ᠃ ᠡᠨᠡ ᠶᠠᠪᠤᠴᠠ ᠳᠤ ᠪᠠᠰᠠ ︽ᠦᠳᠦᠷᠮ᠎ᠠ ᠶᠢᠨ ᠢᠷᠦᠬᠡᠯ︾᠂ ︽ᠪᠤᠯᠤ ᠶᠢᠨ ᠢᠷᠦᠬᠡᠯ︾᠂ ︽ᠦᠳᠦᠷᠮ᠎ᠠ ᠶᠢᠨ ᠲᠠᠬᠢᠯᠭ᠎ᠠ ︾ ᠵᠡᠷᠬᠡ ᠢᠷᠦᠬᠡᠯ ᠮᠠᠭᠳᠠᠭᠠᠯ ᠢ ᠤᠩᠰᠢᠨ᠎ᠠ᠃ ᠲᠡᠳᠡᠬᠡᠷ ᠤᠨ ᠠᠭᠤᠯᠭ᠎ᠠ ᠨᠢ ᠪᠠᠷᠤᠭ ᠶᠡᠭᠡ ᠲᠦᠯᠦᠪ ᠠᠳᠠᠯᠢᠪᠳᠦᠷ ᠪᠠᠶᠢᠳᠠᠭ᠃ ᠭᠤᠤᠯ ᠨᠢ ᠦᠳᠦᠷᠮ᠎ᠡ ᠪᠠᠨ ᠲᠠᠬᠢᠵᠦ᠂ ᠪᠠᠭᠠᠵᠢ ᠵᠡᠪᠰᠡᠭ ᠢᠶᠠᠨ ᠮᠢᠯᠢᠶᠡᠨ᠂ ᠡᠯᠪᠡᠭ ᠬᠤᠷᠢᠶᠠᠯᠳᠠ ᠪᠠᠨ ᠪᠡᠯᠬᠡᠯᠡᠭᠦ ᠪᠤᠶᠦ ᠲᠠᠷᠠᠭᠠᠴᠢ ᠶᠢᠨ ᠵᠢᠯ ᠤᠨ ᠨᠡᠩ ᠶᠡᠭᠡ ᠡᠯᠪᠡᠭ ᠬᠤᠷᠢᠶᠠᠯᠳᠠ ᠶᠢ ᠪᠡᠯᠬᠡᠳᠡᠵᠦ ᠪᠠᠶᠢᠳᠠᠭ᠃
 
ᠢᠷᠡᠯᠲᠡ᠄ ᠭᠦᠷᠢᠶ᠎ᠡ ᠲᠡᠤᠬᠡ ᠰᠤᠶᠤᠯ ᠰᠤᠳᠤᠯᠤᠯ ᠤᠨ ᠴᠤᠪᠤᠷᠠᠯ ᠪᠢᠴᠢᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号