ᠪᠠᠶᠢᠭᠠᠯᠢ ᠶᠢᠨ ᠴᠠᠭ ᠠᠭᠤᠷ ᠢ ᠰᠢᠨᠵᠢᠳᠡᠭ ᠮᠣᠩᠭᠤᠯᠴᠤᠳ ᠤᠨ ᠤᠯᠠᠮᠵᠢᠯᠠᠯᠲᠤ ᠠᠷᠭ᠎ᠠ
ᠨᠡᠶᠢᠲᠡᠯᠡᠭᠰᠡᠨ ᠴᠠᠭ᠄
2021/4/6
    ᠬᠠᠩᠰᠢ ᠨᠡᠭᠡᠬᠡᠬᠦ ᠤᠯᠠᠷᠢᠯ 4 ᠰᠠᠷ᠎ᠠ ᠶᠢᠨ 4 — 5 ᠳᠤ ᠡᠬᠢᠯᠡᠳᠡᠭ᠃ ᠬᠠᠩᠰᠢ ᠨᠡᠬᠡᠭᠡᠭᠰᠡᠨ ᠥᠶ᠎ᠡ ᠠᠴᠠ ᠮᠣᠷᠢ᠂ ᠰᠤᠪᠠᠢ ᠭᠡᠬᠦᠨ ᠤ ᠳᠡᠯ ᠢ ᠠᠪᠤᠨ᠎ᠠ᠃ 4 ᠨᠠᠰᠤᠲᠠᠢ ᠦᠷᠢᠶ᠎ᠡ ᠨᠦᠭᠦᠳ ᠢ ᠵᠠᠰᠠᠵᠤ ᠬᠦᠩᠭᠡᠯᠡᠭᠡᠳ 21 ᠬᠤᠨᠤᠵᠤ᠂ ᠣᠷᠤᠢ ᠶᠢᠨ ᠨᠠᠷᠠ ᠵᠢᠷᠭᠠᠬᠤ ᠥᠶ᠎ᠡ ᠳᠤ ᠬᠦᠯᠦᠰᠦ ᠲᠠᠢ ᠲᠣᠬᠤᠮ ᠲᠣᠬᠤᠵᠤ ᠤᠨᠤᠭᠠᠳ ᠪᠡᠶ᠎ᠡ ᠶᠢ ᠨᠢ ᠶᠠᠳᠠᠷᠠᠭᠠᠯ ᠦᠭᠡᠢ ᠤᠶᠢᠷ᠎ᠠ ᠭᠠᠵᠠᠷ ᠶᠠᠪᠤᠵᠤ ᠢᠷᠡᠭᠡᠳ ᠡᠮᠡᠭᠡᠯ ᠲᠠᠢ ᠨᠢ ᠤᠶᠠᠵᠤ ᠬᠤᠨᠤᠭᠠᠳ ᠥᠷᠯᠦᠭᠡ ᠨᠢ ᠠᠳᠤᠭᠤ ᠢᠷᠡᠬᠦ ᠳᠤ ᠲᠠᠯᠪᠢᠨ᠎ᠠ᠃ ᠡᠭᠦᠨ ᠤ ᠤᠴᠢᠷ ᠨᠢ ᠪᠣᠯ ᠵᠠᠰᠠᠭᠠᠨ ᠤ ᠰᠤᠳᠠᠰᠣ᠂ ᠲᠤᠰᠤᠯ ᠢ ᠲᠠᠯᠪᠢᠭᠤᠯᠵᠤ ᠴᠢᠬᠢᠷᠠᠭᠵᠢᠭᠤᠯᠬᠤ ᠳᠤ ᠲᠤᠰᠠᠲᠠᠢ ᠪᠠᠶᠢᠳᠠᠭ᠃ ᠬᠠᠩᠰᠢ ᠨᠡᠬᠡᠭᠡᠭᠰᠡᠨ ᠠᠴᠠ ᠬᠤᠶᠢᠰᠢ ᠬᠤᠨᠢᠨ ᠤ ᠬᠠᠰᠢᠶᠠᠨ ᠤ ᠪᠠᠭᠤᠴᠠ ᠶᠢ ᠮᠠᠯᠲᠠᠬᠤ ᠪᠠ ᠢᠮᠡᠭᠠᠨ ᠤ ᠨᠣᠣᠯᠤᠷ ᠰᠠᠮᠨᠠᠬᠤ ᠠᠵᠢᠯ ᠡᠬᠢᠯᠡᠳᠡᠭ᠃ ᠬᠠᠷᠢᠨ ᠦᠰᠦᠯᠢᠭ ᠠᠩ ᠠᠮᠢᠲᠠᠨ ᠠᠩᠨᠠᠬᠤ ᠶᠢ ᠬᠤᠷᠢᠳᠠᠭ᠃ ᠬᠠᠩᠰᠢ ᠨᠡᠬᠡᠭᠡᠭᠳᠡᠬᠦ ᠡᠳᠦᠷ ᠪᠣᠯᠠᠭ ᠱᠠᠩᠳᠤ ᠶᠢᠨ ᠤᠰᠤ ᠣᠷᠭᠢᠯᠤᠨ᠎ᠠ᠃ ᠡᠨᠡ ᠡᠳᠦᠷ ᠡᠮᠦᠨ᠎ᠡ ᠵᠦᠭ ᠠᠴᠠ ᠬᠤᠷ᠎ᠠ ᠣᠷᠤᠪᠠᠯ ᠬᠠᠳᠤᠯᠠᠩ ᠲᠠᠷᠢᠶᠠᠯᠠᠩ ᠤᠨ ᠣᠷᠭᠤᠴᠠ ᠮᠠᠭᠤ᠂ ᠬᠦᠮᠦᠨ ᠮᠠᠯ ᠳᠤ ᠡᠭᠡᠯᠢ ᠦᠭᠡᠢ ᠭᠡᠵᠦ ᠦᠵᠡᠳᠡᠭ᠃
 
ᠢᠷᠡᠯᠲᠡ᠄ ᠬᠦᠯᠦᠨ ᠪᠣᠶᠢᠷ ᠬᠤᠲᠠ ᠶᠢᠨ ᠠᠷᠠᠳ ᠤᠨ ᠵᠠᠰᠠᠭ ᠤᠨ ᠣᠷᠳᠤᠨ ᠤ ᠮᠣᠩᠭᠤᠯ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号