ᠮᠤᠷᠢᠨ ᠪᠤᠯᠪᠠᠰᠤ ᠮᠠᠨᠠᠶᠢᠬᠢᠨ ᠤ ᠮᠤᠯᠤᠷ ᠡᠷᠳᠡᠨᠢ ᠶᠢᠨ ᠭᠦᠯᠦᠭ ᠭᠦᠰᠬᠡ᠂ ᠬᠡᠶᠢᠮᠦᠷᠢ ᠰᠦᠯᠳᠠ ᠶᠢᠨ ᠪᠡᠯᠬᠡ | ᠲᠡᠮᠳᠡᠭ ᠪᠦᠯᠦᠬᠡ᠃ ᠮᠡᠨᠡᠶᠢᠬᠢᠨ ᠲᠡᠤᠬᠡᠨ ᠠᠴᠠ ᠪᠠᠨ ᠮᠤᠷᠢᠨ ᠨᠢᠷᠤᠭᠤᠨ ᠠᠴᠠ ᠪᠠᠭᠤᠯ ᠦᠬᠡᠢ ᠪᠠᠷ ᠮᠠᠯ ᠮᠠᠯᠵᠢᠵᠦ᠂ | ᠠᠩ ᠠᠩᠨᠠᠨ᠂ ᠤᠷᠤᠨ ᠨᠤᠳᠤᠭ ᠢᠶᠠᠨ ᠬᠠᠮᠠᠭᠠᠯᠠᠵᠦ ᠦᠪᠡᠷᠦᠨ ᠡᠵᠡᠨ ᠲᠦᠷᠦ ᠪᠠᠨ ᠪᠠᠶᠢᠭᠤᠯᠤᠭᠰᠠᠨ ᠪᠤᠯᠬᠤᠷ | ᠮᠤᠷᠢᠨ ᠳᠠᠭᠠᠨ ᠠᠰᠤᠷᠤ ᠬᠠᠶᠢᠷᠠᠳᠠᠢ ᠪᠠᠶᠢᠳᠠᠭ ᠪᠤᠯᠠᠢ᠃ ᠡᠶᠢᠨ ᠭᠦ ᠮᠤᠷᠢ ᠪᠠᠨ ᠤᠩᠭᠤᠯᠠᠵᠦ᠂ ᠰᠠᠶᠢᠨ ᠠᠵᠢᠷᠭ᠎ᠠ᠂ | ᠰᠦᠳᠦ ᠭᠡᠭᠦᠦ ᠪᠠᠨ ᠪᠤᠰᠤᠳ ᠲᠠᠢ ᠠᠷᠠᠯᠵᠢᠶᠠᠯᠠᠬᠤ ᠶᠢ ᠴᠡᠬᠡᠷᠯᠡᠳᠡᠭ ᠪᠤᠯᠠᠢ᠃ ᠡᠶᠢᠨ ᠪᠤᠯᠬᠤᠷ ᠦᠭᠦᠵᠦ ᠬᠡᠨᠡᠳᠡᠭᠰᠡᠨ | ᠮᠤᠷᠢᠨ ᠲᠤᠯᠤᠭᠠᠢ ᠶᠢ ᠮᠤᠯᠤᠷ ᠡᠷᠳᠡᠨᠢ ᠬᠡᠮᠡᠨ ᠡᠷᠭᠦᠮᠵᠢᠯᠡᠵᠦ᠂ ᠲᠡᠭᠦᠨ ᠢ ᠭᠦᠯᠴᠢᠨ ᠳᠤᠷ ᠲᠠᠭᠠᠷᠢᠭᠤᠯᠬᠤ ᠦᠬᠡᠢ᠂ | ᠭᠦᠷᠦᠰᠦᠨ ᠳᠤᠷ ᠲᠠᠷᠤᠭᠤᠯᠬᠤ ᠦᠬᠡᠢ ᠬᠡᠮᠡᠨ ᠦᠨᠳᠦᠷ ᠠᠭᠤᠯᠠ ᠶᠢᠨ ᠤᠷᠤᠢ ᠲᠡᠬᠡᠷ᠎ᠡ ᠨᠠᠷᠠᠨ ᠮᠠᠨᠳᠤᠬᠤᠢ ᠵᠦᠭ | ᠬᠠᠨᠳᠤᠭᠤᠯᠤᠨ ᠲᠠᠯᠪᠢᠳᠠᠭ ᠠᠵᠤᠭᠤ᠃ ᠡᠶᠢᠮᠦ ᠪᠤᠯᠬᠤᠷ ᠮᠠᠨᠠᠶᠢᠬᠢᠨ ᠮᠤᠷᠢ ᠶᠢ ᠲᠠᠳᠤᠢ ᠠᠯᠠᠵᠦ ᠢᠳᠡᠳᠡᠭ ᠦᠬᠡᠢ | ᠠᠵᠠᠢ᠃ ᠬᠡᠳᠡᠯ᠎ᠡ ︽ᠮᠤᠩᠭᠤᠯᠴᠤᠳ ᠤᠨ ᠨᠡᠶᠢᠬᠡᠮ ᠤᠨ ᠪᠠᠶᠢᠭᠤᠯᠤᠯ ᠤᠨ ᠲᠠᠤᠬᠡ︾ ᠳᠤᠷ ︽ᠠᠳᠤᠭᠤ ᠪᠤᠯ ᠮᠠᠨ ᠤ | ᠬᠢᠨ ᠤ ᠡᠷᠳᠡᠨᠢ ᠶᠢᠨ ᠭᠦᠯᠦᠭ ᠪᠢᠯᠡ᠃ ᠲᠡᠭᠦᠨ ᠢ ᠲᠠᠶᠢᠨ ᠪᠠ ᠠᠪᠠ ᠳᠤ ᠬᠡᠷᠡᠭᠯᠡᠳᠡᠭ ᠠᠴᠠ ᠭᠠᠳᠠᠨ᠎ᠠ ᠲᠡᠭᠦᠨ ᠤ | ᠰᠦ ᠶᠢ ᠤᠮᠳᠠ ᠪᠤᠯᠭᠠᠨ᠂ ᠮᠢᠬ᠎ᠠ ᠶᠢ ᠢᠳᠡᠬᠡᠨ ᠢᠶᠠᠨ ᠪᠤᠯᠭᠠᠳᠠᠭ︾ ᠬᠡᠮᠡᠨ ᠲᠡᠮᠳᠡᠭᠯᠡᠭᠰᠡᠨ ᠠᠴᠠ ᠦᠵᠡᠪᠡᠰᠦ ᠮᠤᠷᠢᠨ | ᠮᠢᠬ᠎ᠠ ᠶᠢ ᠢᠳᠡᠵᠦ ᠪᠠᠶᠢᠭᠰᠠᠨ ᠨᠢ ᠴᠦ ᠲᠤᠳᠤᠷᠬᠠᠢ ᠪᠤᠯᠠᠢ᠃ | ᠮᠤᠷᠢᠨ ᠮᠢᠬ᠎ᠠ ᠪᠤᠯᠪᠠᠰᠤ ᠤᠨᠴᠤᠭᠤᠢ ᠠᠮᠳᠠᠳᠠᠢ ᠪᠦᠬᠡᠳ ᠬᠠᠯᠠᠭᠤᠨ ᠴᠢᠨᠠᠷᠳᠠᠢ ᠪᠤᠯᠠᠢ᠃ ᠮᠤᠷᠢᠨ ᠤ ᠮᠢᠬ᠎ᠠ | ᠡᠪᠤᠯ ᠤᠨ ᠴᠠᠭ ᠲᠤᠷ ᠴᠦ ᠭᠦᠯᠳᠡᠭᠦ ᠢᠨᠦ ᠤᠳᠠᠭᠠᠨ ᠪᠤᠯᠠᠢ᠃ ᠡᠶᠢᠨ ᠭᠦ ᠮᠠᠨ ᠤ ᠭᠦᠢᠳᠡᠨ ᠭᠠᠵᠠᠷ ᠤᠨ ᠬᠢᠨ ᠰᠢᠯᠢ | ᠶᠢᠨ ᠭᠤᠤᠯ ᠤᠨ ᠰᠦᠨᠢᠳ᠂ ᠤᠷᠢᠶᠠᠩᠬᠠᠢ᠂ ᠭᠦᠯᠦᠨ ᠪᠦᠢᠷ ᠤᠨ ᠪᠠᠷᠭᠤ ᠵᠡᠷᠬᠡ ᠬᠤᠰᠢᠭᠤᠳ ᠢᠶᠠᠷ ᠡᠪᠤᠯ ᠤᠨ ᠴᠠᠭ | ᠲᠤᠷ ᠬᠡᠬᠡᠷ᠎ᠡ ᠭᠠᠳᠠᠨ᠎ᠠ ᠶᠠᠪᠤᠬᠤᠢ ᠳᠤᠷ ᠲᠤᠯᠠᠭᠠᠨ ᠢᠯᠴᠢ᠂ ᠲᠠᠭᠠᠭᠠᠮᠠᠭᠠᠢ ᠦᠯ ᠢ ᠪᠤᠳᠤᠵᠦ ᠮᠤᠷᠢᠨ ᠮᠢᠬ᠎ᠠ | ᠢᠳᠡᠳᠡᠭ ᠪᠤᠯᠠᠢ᠃ | ᠮᠤᠷᠢᠨ ᠬᠡᠳᠦᠶᠢᠪᠡᠷ ᠲᠠᠷᠭᠤᠨ ᠪᠤᠯᠪᠠᠴᠤ ᠲᠡᠭᠦᠨ ᠳᠤᠷ ᠪᠦᠷᠭᠦᠭᠰᠡᠨ ᠦᠬᠡᠭᠦ ᠪᠠᠶᠢᠳᠠᠭ ᠦᠬᠡᠢ᠂ ᠴᠢᠨᠠᠵᠦ | ᠪᠤᠯᠭᠤᠪᠠᠰᠤ ᠵᠢᠭᠠᠷ ᠤᠨ ᠦᠨᠦᠷ ᠭᠠᠷᠳᠠᠭ ᠪᠤᠯᠠᠢ᠃ ᠡᠶᠢᠨ ᠪᠤᠯᠬᠤᠷ ᠮᠠᠨᠠᠶᠢᠬᠢᠨ ᠮᠤᠷᠢᠨ ᠢ ᠵᠠᠷᠤᠬᠤ ᠳᠠᠭᠠᠨ ᠤᠨᠤᠬᠤ | ᠪᠤᠶᠦ ᠲᠠᠭᠤᠵᠦ ᠰᠠᠶᠢᠳᠤᠷ ᠭᠦᠯᠦᠰᠦᠯᠡᠬᠡᠳ᠂ ᠭᠠᠷᠤᠭᠰᠠᠨ ᠭᠦᠯᠦᠰᠦ ᠶᠢ ᠬᠡᠳᠤᠠᠳᠠ ᠬᠤᠰᠤᠨ ᠠᠪᠴᠦ᠂ ᠢᠰᠠᠬᠡᠢ | ᠪᠠᠷ ᠪᠦᠷᠢᠵᠦ ᠪᠢᠳᠡᠭᠦᠮᠵᠢᠯᠠᠨ ᠯᠠᠬᠤ ᠪᠤᠶᠦ ᠨᠤᠭᠤᠰᠤᠯᠠᠵᠦ ᠠᠯᠠᠳᠠᠭ ᠪᠤᠯᠠᠢ᠃ ᠢᠩᠬᠢᠵᠦ ᠭᠦᠯᠦᠰᠦ ᠭᠠᠷᠤᠭᠰᠠᠨ | ᠠᠴᠠ ᠲᠡᠭᠦᠨ ᠤ ᠵᠢᠭᠠᠷ ᠤᠨ ᠦᠨᠦᠷ ᠢᠨᠦ ᠵᠠᠮᠬᠠᠷᠠᠳᠠᠭ ᠪᠤᠯᠠᠢ᠃ ᠮᠤᠷᠢᠨ ᠤ ᠠᠭᠤᠰᠬᠢ᠂ ᠠᠭᠤᠰᠬᠢ ᠨᠡᠪᠴᠢᠭᠰᠡᠨ ᠢ | ᠠᠨᠠᠭᠠᠨ᠂ ᠲᠠᠯᠢᠭᠦᠦ ᠢᠨᠦ ᠡᠷᠡᠬᠡᠭᠰᠡᠨ ᠶᠠᠷ᠎ᠠ ᠶᠢ ᠨᠤᠮᠤᠭᠠᠳᠬᠠᠨ ᠪᠦᠬᠡᠷ᠎ᠡ ᠶᠢᠨ ᠬᠠᠯᠠᠭᠤᠨ ᠢ ᠠᠷᠢᠯᠭᠠᠵᠦ᠂ ᠦᠬᠡᠭᠦ | ᠢᠨᠦ ᠦᠬᠡᠷ ᠢᠯᠢᠳᠦ ᠶᠢ ᠠᠷᠢᠯᠭᠠᠬᠤ ᠪᠠ ᠮᠢᠬ᠎ᠠ ᠠᠨᠤ ᠬᠡᠢ ᠡᠪᠡᠳᠴᠢᠨ ᠬᠢᠬᠡᠳ ᠭᠦᠢᠳᠡᠨ ᠬᠡᠢ ᠶᠢ ᠵᠠᠰᠠᠳᠠᠭ ᠬᠡᠮᠡᠨ | ︽ᠮᠤᠩᠭᠤᠯ ᠡᠮᠨᠡᠯᠬᠡ ᠶᠢᠨ ᠲᠡᠭᠦᠪᠦᠷᠢ︾ ᠳᠤᠷ ᠲᠡᠮᠳᠡᠭᠯᠡᠵᠦ ᠪᠤᠢ᠃ | ᠮᠤᠷᠢᠨ ᠮᠢᠬ᠎ᠠ ᠶᠢ ᠴᠢᠨᠠᠵᠦ ᠪᠤᠯᠭᠤᠵᠦ ᠢᠳᠡᠭᠦ ᠪᠤᠶᠦ ᠪᠤᠷᠴᠠᠯᠠᠵᠦ ᠬᠠᠳᠠᠭᠠᠭᠠᠳ ᠰᠢᠷᠠᠵᠦ ᠢᠳᠡᠳᠡᠭ ᠪᠤᠯᠠᠢ᠃ | ᠴᠢᠨᠠᠬᠤ ᠳᠠᠭᠠᠨ ᠲᠤᠭᠤᠭᠠᠨ ᠤ ᠬᠠᠪᠬᠠᠭᠠᠰᠦ ᠶᠢ ᠲᠠᠯᠪᠢᠳᠠᠭ ᠦᠬᠡᠢ᠃ ᠮᠤᠷᠢᠨ ᠮᠢᠬ᠎ᠠ ᠶᠢ ᠮᠦᠨ ᠤᠯᠠᠨ ᠶᠠᠩᠵᠦ | ᠪᠠᠷ ᠬᠠᠭᠤᠷᠴᠦ᠂ ᠬᠠᠭᠠᠷᠢᠵᠦ ᠢᠳᠡᠵᠦ ᠴᠦᠮ ᠪᠤᠯᠤᠮᠤᠢ᠃ ᠮᠤᠷᠢᠨ ᠲᠤᠰᠤᠨ ᠳᠤᠷ ᠪᠤᠤᠪᠤ ᠪᠤᠭᠤᠷᠰᠤᠭ ᠪᠤᠯᠭᠤᠵᠦ | ᠢᠳᠡᠪᠡᠰᠦ ᠭᠦᠷᠡᠩ ᠤᠯᠠᠭᠠᠨ ᠦᠩᠬᠡᠳᠠᠢ ᠪᠦᠬᠡᠳ ᠭᠦᠯᠳᠡᠵᠦ ᠬᠠᠳᠠᠭᠤᠷᠠᠬᠤ ᠦᠬᠡᠢ ᠪᠤᠯᠠᠢ᠃ | ᠮᠠᠨᠠᠶᠢᠬᠢᠨ ᠮᠤᠷᠢᠨ ᠮᠢᠬ᠎ᠠ ᠶᠢ ᠭᠤᠤᠯᠳᠠᠭᠤ ᠬᠠᠬᠢᠷ ᠡᠪᠤᠯ ᠤᠨ ᠭᠦᠢᠳᠡᠨ ᠳᠤᠷ ᠬᠤᠯᠠ ᠠᠶᠠᠨ ᠵᠠᠮ ᠳᠤᠷ | ᠶᠠᠪᠤᠬᠤ ᠪᠤᠶᠦ ᠠᠩ ᠭᠦᠷᠦᠬᠡ ᠬᠢᠭᠦᠢ ᠳᠤᠷ ᠭᠦᠨᠡᠰᠦ ᠪᠤᠯᠭᠠᠳᠠᠭ ᠪᠤᠯᠠᠢ᠃ |