ᠦᠵᠡᠰᠭᠦᠯᠡᠭᠳᠦ ᠵᠢᠯ ᠢᠶᠠᠨ ᠦᠳᠡᠵᠦ ᠮᠤᠷᠳᠠᠭᠤᠯᠤᠨ | ᠪᠤᠶᠠᠨᠳᠦ ᠵᠢᠯ ᠢᠶᠠᠨ ᠪᠤᠰᠴᠦ ᠤᠭᠳᠤᠮᠠᠨᠵᠢᠨ | ᠲᠡᠭᠷᠢ ᠳᠡᠭᠡᠨ ᠮᠦᠷᠭᠦᠭᠰᠡᠨ ᠠᠴᠠ | ᠪᠤᠷᠬᠠᠨ ᠳᠠᠭᠠᠨ ᠮᠦᠷᠭᠦᠭᠰᠡᠨ ᠠᠴᠠ | ᠪᠤᠶᠠᠨ ᠲᠠᠢ ᠰᠠᠶᠢᠬᠠᠨ ᠵᠢᠷᠭᠠᠵᠦ ᠶᠠᠪᠤ | ᠤᠶᠠᠭ᠎ᠠ ᠲᠦᠭᠦᠷᠡᠩ ᠤᠨᠤᠭ᠎ᠠ ᠲᠠᠢ ᠪᠤᠯ | ᠬᠤᠷᠢᠶ᠎ᠠ ᠲᠠᠢ ᠮᠠᠯ ᠴᠢᠨᠢ ᠦᠰᠴᠦ ᠶᠠᠪᠤ | ᠬᠤᠯᠠ ᠤᠶᠢᠷ᠎ᠠ ᠪᠠᠷ ᠢᠶᠠᠨ ᠵᠢᠷᠭᠠᠵᠦ ᠶᠠᠪᠤ | ᠦᠨᠡᠰᠦᠨ ᠤᠪᠤᠭ᠎ᠠ ᠴᠢᠨᠢ ᠦᠨᠳᠦᠷ ᠪᠤᠯᠤᠭ | ᠦᠬᠡᠷ ᠮᠠᠯ ᠴᠢᠨᠢ ᠦᠰᠴᠦ ᠶᠠᠪᠤᠭ | ᠡᠳ᠋ ᠪᠤᠶᠠᠨ ᠴᠢᠨᠢ ᠴᠤᠭᠯᠠᠷᠠᠵᠦ ᠶᠠᠪᠤᠭ | ᠢᠳᠡ ᠭᠦᠴᠦᠨ ᠴᠢᠨᠢ ᠭᠦᠶᠦᠵᠦ ᠶᠠᠪᠤᠭ | ᠬᠡᠢ ᠮᠤᠷᠢ ᠴᠢᠨᠢ ᠲᠡᠭᠳᠡᠵᠦ ᠶᠠᠪᠤᠭ | ᠬᠡᠰᠢᠭ ᠪᠤᠶᠠᠨ ᠴᠢᠨᠢ ᠨᠡᠮᠡᠭᠳᠡᠵᠦ ᠶᠠᠪᠤᠭ | ᠲᠠᠷᠢᠪᠠᠯ ᠲᠠᠷᠢᠶ᠎ᠠ ᠴᠢᠨᠢ ᠲᠦᠷᠦᠬᠡᠳ | ᠲᠡᠵᠢᠬᠡᠪᠡᠯ ᠮᠠᠯ ᠴᠢᠨᠢ ᠦᠰᠦᠬᠡᠳ | ᠲᠠᠪᠤᠨ ᠲᠠᠷᠢᠶ᠎ᠠ ᠴᠢᠨᠢ ᠲᠠᠯ᠎ᠠ ᠲᠦᠭᠦᠷᠡᠩ ᠨᠤᠭᠤᠭᠠᠷᠠᠭᠠᠳ | ᠲᠠᠪᠤᠨ ᠬᠤᠰᠢᠭᠤ ᠮᠠᠯ ᠴᠢᠨᠢ ᠲᠠᠯ᠎ᠠ ᠲᠦᠭᠦᠷᠡᠩ ᠪᠡᠯᠴᠢᠬᠡᠳ | ᠢᠷᠡᠬᠡᠳᠦᠢ ᠪᠤᠶᠠᠨ ᠴᠢᠨᠢ ᠢᠷᠡᠬᠡᠳ | ᠬᠤᠷᠠᠭᠠᠳᠤᠢ ᠪᠤᠶᠠᠨ ᠴᠢᠨᠢ ᠬᠤᠷᠠᠭᠠᠳ | ᠬᠤᠷᠠᠭᠰᠠᠨ ᠪᠤᠶᠠᠨ ᠴᠢᠨᠢ ᠲᠤᠭᠳᠠᠭᠠᠳ | ᠬᠠᠯᠵᠢᠨ ᠬᠡᠬᠡᠷ ᠲᠡᠭᠡᠨ ᠮᠤᠷᠳᠡᠵᠦ ᠶᠠᠪᠤ | ᠬᠠᠯᠢᠭᠤᠨ ᠭᠠᠯᠠᠭᠤ ᠶᠢ ᠤᠷᠭᠠᠯᠠᠵᠦ ᠶᠠᠪᠤ | ᠬᠠᠶᠢᠷᠠᠳᠠᠢ ᠪᠤᠶᠠᠨ ᠢᠶᠠᠨ ᠦᠰᠬᠡᠵᠦ ᠶᠠᠪᠤ | ᠬᠠᠷᠢ ᠶᠢᠨ ᠬᠡᠰᠢᠭ ᠢᠶᠠᠨ ᠲᠠᠯᠠᠯᠵᠦ ᠶᠠᠪᠤ | ᠬᠤᠯᠤᠰᠤᠨ ᠰᠢᠷᠭ᠎ᠠ ᠳᠠᠭᠠᠨ ᠮᠤᠷᠳᠡᠵᠦ ᠶᠠᠪᠤ | ᠬᠤᠨ ᠭᠠᠯᠠᠭᠤ ᠶᠢ ᠤᠷᠭᠠᠯᠠᠵᠦ ᠶᠠᠪᠤ | ᠬᠤᠷᠠᠭᠰᠠᠨ ᠪᠤᠶᠠᠨ ᠢᠶᠠᠨ ᠦᠰᠬᠡᠵᠦ ᠶᠠᠪᠤ | ᠬᠤᠷᠤᠢ ᠬᠡᠰᠢᠭ ᠢ ᠨᠢ ᠲᠠᠯᠠᠯᠵᠦ ᠶᠠᠪᠤ | ᠪᠤᠭᠤᠨ ᠰᠠᠭᠠᠷᠠᠯ ᠳᠠᠭᠠᠨ ᠮᠤᠷᠳᠡᠵᠦ ᠶᠠᠪᠤ | ᠪᠤᠭᠤᠷᠤᠯ ᠨᠠᠰᠤᠳᠠᠢ ᠳᠠᠭᠠᠨ ᠮᠦᠷᠭᠦᠵᠦ ᠶᠠᠪᠤ | ᠪᠤᠭᠤ ᠭᠦᠷᠦᠬᠡᠰᠦ ᠶᠢ ᠨᠢ ᠤᠷᠭᠠᠯᠠᠵᠦ ᠶᠠᠪᠤ | ᠪᠤᠳᠠ ᠮᠠᠯ ᠢᠶᠠᠨ ᠦᠰᠬᠡᠵᠦ ᠶᠠᠪᠤ | ᠪᠤᠶᠠᠨ ᠬᠡᠰᠢᠭ ᠢᠶᠠᠨ ᠲᠠᠯᠠᠯᠵᠦ ᠶᠠᠪᠤ | ᠲᠠᠯ᠎ᠠ ᠶᠡᠬᠡᠳᠡᠨ ᠢ ᠨᠢ ᠤᠨᠤᠵᠦ ᠶᠠᠪᠤ | ᠲᠠᠯᠠᠩ ᠶᠡᠬᠡᠳᠡᠨ ᠢ ᠨᠢ ᠰᠠᠭᠠᠵᠦ ᠶᠠᠪᠤ | ᠲᠡᠬᠡᠳᠦᠰ ᠤᠨ ᠨᠠᠷᠠ ᠪᠠᠨ ᠮᠠᠨᠳᠤᠭᠤᠯᠵᠦ ᠶᠠᠪᠤ | ᠲᠡᠯᠡᠬᠡᠢ ᠲᠡᠬᠢᠨ ᠳᠤ ᠲᠠᠭᠤᠷᠢᠰᠤᠭᠤᠯᠵᠦ ᠶᠠᠪᠤ | ᠵᠧ︕ | ᠮᠦᠷᠭᠦᠭᠰᠡᠨ ᠲᠤᠯᠤᠭᠠᠢ ᠴᠢᠨᠢ ᠮᠦᠩᠭᠦ ᠪᠤᠯᠤᠭ | ᠮᠦᠮᠦ ᠠᠪᠤ ᠪᠠᠨ ᠭᠦᠨᠳᠤᠯᠠᠵᠦ ᠶᠠᠪᠤ | ᠰᠦᠭᠦᠳᠦᠭᠰᠡᠨ ᠡᠪᠤᠳᠦᠭ ᠴᠢᠨᠢ ᠠᠯᠮᠠᠰ ᠪᠤᠯᠤᠭ | ᠰᠦᠷ ᠰᠠᠬᠢᠭᠤᠯᠰᠤᠨ ᠴᠢᠨᠢ ᠠᠪᠤᠷᠢᠯᠠᠵᠦ ᠶᠠᠪᠤᠭ | ᠨᠠᠷᠠᠨ ᠳᠤ ᠠᠳᠠᠯᠢ ᠬᠡᠷᠡᠯᠳᠤᠵᠦ ᠶᠠᠪᠤ | ᠨᠠᠰᠤᠳᠠᠨ ᠪᠤᠭᠤᠷᠤᠯ ᠢᠶᠠᠨ ᠭᠦᠨᠳᠤᠯᠠᠵᠦ ᠶᠠᠪᠤ | ᠤᠳᠤᠨ ᠳᠤ ᠠᠳᠠᠯᠢ ᠬᠡᠷᠡᠯᠳᠤᠵᠦ ᠶᠠᠪᠤ | ᠤᠷᠴᠢᠯᠠᠩ ᠤᠨ ᠭᠦᠮᠦᠰ ᠢ ᠲᠡᠳᠭᠦᠵᠦ ᠶᠠᠪᠤ︕ |