ᠴᠠᠭᠠᠨ ᠰᠠᠷ᠎ᠠ ᠶᠢᠨ ᠢᠷᠦᠬᠡᠯ ︵ᠬᠤᠶᠠᠷ︶
ᠨᠡᠶᠢᠲᠡᠯᠡᠭᠰᠡᠨ ᠴᠠᠭ᠄
2023/11/28
 ᠵᠧ︕ ᠤᠸ᠋ᠮ ᠰᠠᠶᠢᠨ ᠠᠮᠤᠭᠤᠯᠠᠩ ᠪᠤᠯᠳᠤᠭᠠᠢ︕ ᠡᠩᠬᠡ ᠰᠠᠶᠢᠨ ᠵᠢᠷᠭᠠᠯᠠᠩ ᠪᠤᠯᠳᠤᠭᠠᠢ᠂ ᠡᠪᠦᠭᠡ ᠲᠡᠬᠡᠳᠦᠰ ᠲᠡᠭᠡᠨ ᠮᠦᠷᠭᠦᠭᠰᠡᠨ ᠠᠴᠠ ᠡᠪᠳᠡᠢ ᠰᠠᠶᠢᠬᠠᠨ ᠵᠢᠷᠭᠠᠵᠦ ᠶᠠᠪᠤ ᠡᠪᠤᠬᠡᠨ ᠪᠤᠭᠤᠷᠤᠯ ᠳᠠᠭᠠᠨ ᠮᠦᠷᠭᠦᠭᠰᠡᠨ ᠠᠴᠠ ᠡᠭᠦᠷᠢᠳᠠ ᠪᠤᠶᠠᠨᠳᠠᠢ ᠵᠢᠷᠭᠠᠵᠦ ᠶᠠᠪᠤ ᠦᠰᠭᠦ ᠪᠠᠭ᠎ᠠ ᠨᠠᠰᠤᠨ ᠠᠴᠠ ᠪᠠᠨ ᠦᠬᠡᠳᠡᠯᠡᠭᠦ ᠨᠡᠷ᠎ᠡ ᠴᠢᠨᠢ ᠮᠠᠨᠳᠤᠵᠦ ᠭᠠᠯ ᠵᠠᠯᠠᠭᠤ ᠶᠢᠨ ᠦᠶ᠎ᠡ ᠳᠤ ᠭᠠᠯᠪᠢᠷ ᠲᠦᠷᠢ ᠴᠢᠨᠢ ᠪᠦᠳᠦᠵᠦ ᠬᠡᠷ ᠬᠤᠳᠠᠯᠠᠭᠠᠷ ᠴᠦᠮ ᠢᠶᠠᠷ ᠢᠶᠠᠨ ᠬᠡᠷᠡᠯ ᠬᠡᠬᠡ ᠲᠠᠢ ᠵᠢᠷᠭᠠᠵᠦ ᠦᠷ᠎ᠡ ᠬᠡᠤᠬᠡᠳ ᠤᠨ ᠢᠶᠠᠨ ᠰᠠᠶᠢᠨ ᠢ ᠨᠢ ᠦᠵᠡᠵᠦ ᠶᠠᠪᠤ ᠦᠷ᠎ᠡ ᠬᠡᠤᠬᠡᠳ ᠤᠨ ᠢᠶᠠᠨ ᠰᠠᠶᠢᠨ ᠢ ᠨᠢ ᠦᠵᠡᠵᠦ ᠶᠠᠪᠤ ᠡ᠃ ᠭᠦᠭᠰᠢᠳ ᠨᠠᠰᠤᠳᠠᠨ ᠢᠶᠠᠨ ᠭᠦᠨᠳᠦᠯᠡᠭᠰᠡᠨ ᠠᠴᠠ ᠬᠡᠢ ᠮᠤᠷᠢ ᠴᠢᠨᠢ ᠲᠡᠭᠳᠡᠵᠦ ᠬᠡᠤᠬᠡᠳ ᠠᠴᠢᠷ ᠢᠶᠠᠨ ᠭᠦᠮᠦᠵᠢᠭᠦᠯᠦᠭᠰᠡᠨ ᠠᠴᠠ ᠬᠡᠰᠢᠭ ᠪᠤᠶᠠᠨ ᠴᠢᠨᠢ ᠨᠡᠮᠡᠭᠳᠡᠵᠦ ᠦᠨᠢ ᠮᠦᠩᠬᠡ ᠦᠬᠡᠳᠡᠯᠡᠵᠦ ᠦᠷᠯᠦᠬᠡ ᠪᠤᠰᠪᠠᠯ ᠦᠯᠵᠡᠶᠢᠳᠠᠢ ᠦᠳᠡᠰᠢ ᠶᠢᠨ ᠬᠤᠪᠢᠨ ᠳᠤ ᠵᠢᠷᠭᠠᠯᠳᠠᠢ ᠨᠠᠰᠤᠨ ᠲᠤᠷᠰᠢ ᠰᠠᠶᠢᠨ ᠢ ᠦᠵᠡᠭᠦ ᠶᠤᠮ ᠡ᠃ ᠬᠡᠵᠢᠬᠡᠨ ᠤ ᠦᠰᠦ ᠴᠢᠨᠢ ᠬᠡᠷᠡᠯ ᠦᠩᠬᠡ ᠲᠠᠳᠠᠵᠦ ᠮᠦᠬᠡᠷᠡᠬᠡᠳ ᠭᠠᠷᠤᠭᠰᠠᠨ ᠮᠠᠯ ᠴᠢᠨᠢ ᠮᠢᠩᠭᠠᠨ ᠪᠤᠬ᠎ᠠ ᠪᠤᠯᠵᠦ ᠲᠤᠯᠤᠭᠠᠢ ᠶᠢᠨ ᠦᠰᠦ ᠴᠢᠨᠢ ᠲᠤᠩ ᠬᠠᠷ᠎ᠠ ᠪᠤᠯᠤᠭᠠᠳ ᠲᠤᠭᠯᠠᠭᠠᠳ ᠭᠠᠷᠤᠭᠰᠠᠨ ᠬᠤᠨᠢ ᠴᠢᠨᠢ ᠲᠦᠮᠡᠨ ᠴᠠᠭᠠᠨ ᠪᠤᠯᠵᠦ ᠦᠨᠢᠳᠠ ᠪᠠᠨ ᠦᠬᠡᠳᠡᠯᠡᠨ ᠮᠠᠨᠳᠤᠵᠦ ᠦᠷᠭᠦᠯᠵᠢᠳᠠ ᠰᠠᠶᠢᠨ ᠢ  ᠦᠵᠡᠵᠦ ᠡᠭᠦᠷᠢᠳᠠ ᠪᠠᠨ ᠪᠠᠶᠠᠰᠤᠯ ᠲᠠᠭᠠᠷᠠᠵᠦ ᠬᠡᠵᠢᠶᠡᠳᠠ ᠬᠡᠢ ᠮᠤᠷᠢ ᠲᠡᠭᠳᠡᠵᠦ ᠬᠡᠤᠬᠡᠨ ᠭᠤᠤᠯ ᠠᠴᠠ ᠬᠤᠶᠢᠰᠢ ᠭᠦᠪᠡᠭᠡ ᠶᠢᠨ ᠮᠠᠩᠬᠠᠨ ᠠᠴᠠ ᠤᠷᠤᠭᠰᠢ ᠶᠠᠩᠰᠢᠪ ᠭᠤᠤᠯ ᠤᠨ ᠤᠷᠤᠰᠬᠠᠯ ᠠᠴᠠ ᠶᠠᠮᠠᠨᠳᠠᠭ ᠪᠤᠷᠬᠠᠨ ᠦᠷᠦᠰᠢᠶᠡᠵᠦ᠂ ᠠᠴᠢᠮᠠᠭ ᠠᠭᠤᠯᠠ ᠶᠢᠨ ᠡᠩᠬᠡᠷ ᠠᠴᠠ ᠠᠨᠴᠢᠷ ᠰᠠᠬᠢᠭᠤᠰᠤ ᠢᠪᠡᠬᠡᠵᠦ ᠲᠦᠷᠪᠡᠨ ᠵᠦᠭ ᠨᠠᠢᠮᠠᠨ ᠵᠤᠪᠬᠢᠰ ᠲᠤ ᠬᠡᠢ ᠮᠤᠷᠢ ᠴᠢᠨᠢ ᠲᠡᠭᠳᠡᠵᠦ ᠬᠡᠰᠢᠭ ᠪᠤᠶᠠᠨ ᠴᠢᠨᠢ ᠲᠡᠯᠬᠡᠷᠡᠵᠦ ᠦᠢ ᠲᠦᠮᠡᠨ ᠤ ᠪᠠᠨ ᠡᠷᠭᠦᠮᠵᠢ ᠶᠢ ᠤᠯᠵᠦ ᠡᠪᠤᠬᠡᠳ ᠭᠦᠭᠰᠢᠳ ᠤᠨ ᠢᠶᠠᠨ ᠬᠠᠶᠢᠷ᠎ᠠ ᠶᠢ ᠤᠯᠵᠦ ᠬᠠᠨᠳᠤᠭᠰᠠᠨ ᠵᠦᠭ ᠲᠡᠭᠡᠨ ᠲᠠᠶᠢᠰᠤᠨ ᠦᠬᠡᠢ ᠬᠠᠮᠤᠭ ᠠᠮᠢᠳᠠᠳ ᠲᠤ ᠶᠤᠷᠦ ᠦᠬᠡᠢ ᠠᠯᠳᠠᠷ ᠰᠦᠷ ᠢᠶᠠᠨ ᠮᠠᠨᠳᠤᠭᠤᠯᠵᠦ ᠡᠴᠢᠬᠡ ᠲᠡᠬᠡᠳᠦᠰ ᠢᠶᠠᠨ ᠲᠠᠭᠤᠷᠢᠰᠤᠭᠤᠯᠳᠤᠭᠠᠢ︕
 
ᠢᠷᠡᠯᠲᠡ᠄ ︽ᠲᠠᠯ᠎ᠠ ᠨᠤᠳᠤᠭ ᠤᠨ ᠨᠡᠭᠦᠳᠡᠯ ᠮᠠᠯᠵᠢᠯ ᠤᠨ ᠰᠤᠶᠤᠯ ᠤᠨ ᠲᠠᠮᠳᠡᠭ︾ ᠴᠤᠪᠤᠷᠠᠯ ᠪᠢᠴᠢᠭ ᠤᠨ ᠭᠦᠷᠢᠶ᠎ᠡ ᠬᠤᠰᠢᠭᠤᠨ ᠤ ᠪᠤᠳᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号