ᠦᠬᠡᠷ ᠤᠨ ᠰᠢᠭᠦᠰᠦ
ᠨᠡᠶᠢᠲᠡᠯᠡᠭᠰᠡᠨ ᠴᠠᠭ᠄
2023/3/29
   ᠦᠬᠡᠷ ᠤᠨ ᠰᠢᠭᠦᠰᠦ ᠪᠤᠯᠪᠠᠰᠤ ᠮᠠᠨᠠᠶᠢᠬᠢᠨ ᠤ ᠦᠪᠡᠳᠡᠭᠰᠢ ᠡᠷᠬᠢᠮ ᠢᠳᠡᠬᠡᠨ ᠤ ᠨᠢᠬᠡᠨ ᠪᠤᠯᠤᠮᠤᠢ᠃ ᠦᠬᠡᠷ ᠤᠨ ᠮᠢᠬ᠎ᠠ ᠬᠠᠯᠠᠭᠤᠨ ᠴᠢᠨᠠᠷᠳᠠᠢ ᠲᠤᠯᠠ ᠮᠠᠨᠠᠶᠢᠬᠢᠨ ᠲᠡᠭᠦᠨ ᠢ ᠭᠤᠤᠯᠳᠠᠭᠤ ᠡᠪᠤᠯ ᠤᠨ ᠤᠯᠠᠷᠢᠯ ᠳᠤᠷ ᠱᠦᠯᠦ ᠪᠤᠯᠭᠠᠨ ᠬᠠᠳᠠᠭᠠᠯᠠᠵᠦ ᠢᠳᠡᠳᠡᠭ ᠪᠤᠯᠠᠢ᠃    ᠦᠬᠡᠷ ᠤᠨ ᠮᠢᠬ᠎ᠠ ᠶᠢ ᠢᠳᠡᠭᠦᠢ ᠳᠤᠷ ᠠᠬᠢᠷᠠᠭᠤᠨ ᠱᠠᠩᠳᠠᠭᠤᠨ ᠪᠦᠬᠡᠳ ᠰᠢᠮ᠎ᠡ ᠲᠡᠵᠢᠬᠡᠯ ᠲᠡᠭᠦᠯᠳᠡᠷ ᠪᠤᠯᠠᠢ᠃ ᠢᠯᠠᠩᠭᠤᠶ᠎ᠠ᠂ ᠭᠤᠨ᠎ᠠ᠂ ᠲᠦᠨᠵᠢ ᠶᠢᠨ ᠮᠢᠬ᠎ᠠ ᠠᠨᠤ ᠬᠤᠨᠢᠨ ᠮᠢᠬ᠎ᠠ ᠰᠢᠭ᠋ ᠵᠦᠬᠡᠯᠡᠨ᠂ ᠪᠤᠭᠤ ᠶᠢᠨ ᠮᠢᠬ᠎ᠠ ᠰᠢᠭ᠋ ᠠᠮᠳᠠᠳᠠᠢ ᠪᠦᠯᠦᠬᠡ᠃ ᠦᠬᠡᠷ ᠪᠤᠯᠪᠠᠰᠤ ᠪᠠᠰᠠ ᠨᠢᠬᠡᠨ ᠴᠢᠬᠤᠯᠠ ᠡᠮᠳᠦ ᠠᠮᠢᠳᠠᠨ ᠮᠦᠨ᠃ ᠲᠡᠭᠦᠨ ᠤ ᠪᠡᠶ᠎ᠡ ᠳᠤᠷ ᠬᠤᠷᠢᠨ ᠵᠢᠷᠭᠤᠭᠠᠨ ᠵᠦᠢᠯ ᠤᠨ ᠨᠠᠶᠢᠷᠠᠭ ᠬᠠᠳᠠᠭᠠᠯᠠᠭᠳᠠᠵᠦ ᠪᠤᠢ ᠬᠡᠮᠡᠨ ︽ᠡᠮᠳᠦ ᠠᠮᠢᠳᠠᠨ︾ ᠳᠤᠷ ᠦᠭᠦᠯᠡᠵᠤᠭᠦᠢ᠃ ᠦᠬᠡᠷ ᠤᠨ ᠦᠬᠡᠭᠦ᠂ ᠮᠢᠬ᠎ᠠ᠂ ᠴᠢᠮᠤᠬᠡ᠂ ᠲᠠᠷᠢᠬᠢ᠂ ᠬᠤᠳᠤᠭᠠᠳᠦ᠂ ᠶᠠᠰᠤ᠂ ᠲᠤᠭᠤᠷᠠᠢ᠂ ᠰᠦ᠂ ᠴᠢᠰᠦ᠂ ᠰᠦᠰᠦ᠂ ᠡᠪᠡᠷ᠂ ᠰᠢᠬᠡᠰᠦ᠂ ᠪᠠᠭᠠᠰᠦ᠂ ᠲᠠᠯᠢᠭᠦᠦ᠂ ᠪᠦᠬᠡᠷ᠎ᠡ᠂ ᠰᠡᠷᠬᠢᠨᠠᠭ ᠵᠡᠷᠬᠡ ᠴᠦᠮ ᠡᠮ ᠳᠤᠷ ᠤᠷᠤᠮᠤᠢ᠃ ᠢᠯᠡᠩᠭᠤᠶ᠎ᠠ ᠵᠠᠷᠢᠮ ᠦᠬᠡᠷ ᠤᠨ ᠪᠡᠶ᠎ᠡ ᠳᠤᠷ ︽ᠬᠢᠸᠠᠩ︾ ᠬᠡᠮᠡᠭᠦ ᠬᠤᠪᠤᠷ ᠴᠤᠬᠠᠭ ᠡᠮ ᠪᠤᠯᠪᠠᠰᠤᠷᠡᠳᠠᠭ ᠪᠤᠯᠠᠢ᠃ ᠠᠮᠢᠳᠤᠷᠠᠯ ᠤᠨ ᠲᠤᠷᠰᠢᠯᠭ᠎ᠠ ᠠᠴᠠ ᠦᠵᠡᠪᠡᠰᠦ᠂ ᠦᠬᠡᠷ ᠤᠨ ᠠᠭᠤᠰᠬᠢ ᠶᠢ ᠠᠨᠤ ᠴᠢᠨᠠᠵᠦ ᠢᠳᠡᠭᠦᠢ ᠶᠢᠨ ᠵᠡᠷᠬᠡᠴᠡᠭᠡ ᠪᠠᠷ ᠱᠦᠯᠦ ᠶᠢ ᠢᠨᠦ ᠤᠤᠭᠤᠪᠠᠰᠦ ᠠᠭᠤᠰᠬᠢ ᠶᠢᠨ ᠬᠠᠨᠢᠶᠠᠳᠦ ᠶᠢ ᠵᠠᠰᠤᠮᠤᠢ᠃ ᠦᠬᠡᠷ ᠤᠨ ᠦᠯᠦᠨ ᠬᠡᠳᠡᠰᠦ ᠶᠢ ᠢᠨᠦ ᠴᠢᠨᠠᠵᠦ ᠢᠳᠡᠪᠡᠰᠦ ᠱᠠᠮᠪᠠᠷᠠᠮ ᠤᠨ ᠯᠡᠪᠡᠷᠬᠡᠢ ᠶᠢ ᠠᠨᠠᠭᠠᠮᠤᠢ᠃ ᠦᠬᠡᠷ ᠤᠨ ᠴᠢᠰᠦ ᠶᠢ ᠬᠠᠭᠠᠷᠢᠵᠦ ᠢᠳᠡᠪᠡᠰᠦ ᠰᠠᠭᠤᠯᠭᠠᠬᠤᠢ ᠶᠢ ᠵᠤᠭᠰᠤᠭᠠᠮᠤᠢ᠂ ᠴᠢᠮᠦᠬᠡ ᠢᠨᠦ ᠲᠤᠰᠤᠯ ᠢ ᠨᠦᠭᠦᠪᠦᠷᠢᠯᠡᠵᠦ᠂ ᠠᠭᠤᠰᠬᠢ ᠶᠢ ᠵᠦᠬᠡᠯᠡᠷᠡᠭᠦᠯᠵᠦ ᠲᠠᠯᠢᠭᠦᠦ ᠶᠢᠨ ᠲᠠᠮᠢᠷ ᠢ ᠰᠠᠶᠢᠵᠢᠷᠠᠭᠤᠯᠤᠮᠤᠢ᠃ ᠬᠤᠳᠤᠭᠠᠳᠦ ᠠᠨᠤ ᠲᠠᠪᠤᠨ ᠴᠤᠯᠤ ᠶᠢ ᠲᠡᠭᠰᠢᠯᠡᠨ᠂ ᠶᠠᠰᠤ ᠠᠨᠤ ᠬᠠᠮᠠᠷ ᠤᠨ ᠶᠡᠷ᠎ᠡ ᠶᠢ ᠵᠠᠰᠠᠵᠦ᠂ ᠲᠤᠭᠤᠷᠠᠢ ᠠᠨᠤ ᠡᠮᠡᠭᠳᠡᠢ ᠶᠢᠨ ᠤᠯᠠᠭᠠᠨ ᠴᠠᠭᠠᠨ ᠢᠶᠠᠷ ᠪᠠᠭᠤᠯᠭᠠᠬᠤ ᠶᠢ ᠵᠠᠰᠠᠵᠦ᠂ ᠰᠦᠰᠦ ᠢᠨᠦ ᠰᠢᠷ᠎ᠠ ᠡᠪᠡᠳᠴᠢᠨ᠂ ᠪᠤᠭᠤᠮ᠎ᠠ ᠬᠠᠪᠤᠳᠠᠷ ᠢ ᠵᠠᠰᠠᠵᠦ ᠡᠪᠡᠷ ᠤᠨ ᠬᠢᠷᠪᠤᠰᠦ ᠠᠨᠤ ᠡᠯᠢᠬᠡᠨ ᠤ ᠬᠠᠯᠠᠭᠤᠨ ᠢ ᠠᠷᠢᠯᠭᠠᠵᠦ ᠴᠢᠳᠠᠮᠤᠢ᠃    ᠦᠬᠡᠷ ᠤᠨ ᠰᠢᠭᠦᠰᠦᠨ ᠳᠤᠷ ᠬᠤᠶᠠᠷ ᠵᠦᠢᠯ ᠪᠤᠢ᠃ ᠨᠢᠬᠡᠨ ᠢᠨᠦ ᠪᠦᠭᠦᠯᠢ ᠰᠢᠭᠦᠰᠦᠨ᠂ ᠨᠦᠭᠦᠬᠡ ᠢᠨᠦ ᠡᠪᠴᠢᠭᠦᠦ ᠶᠢᠨ ᠪᠦᠳᠦᠷᠬᠡᠢ᠂ ᠲᠤᠤᠬ᠎ᠠ ᠨᠢᠷᠤᠭᠤ᠂ ᠬᠡᠯᠡᠨ ᠤ ᠦᠵᠦᠭᠦᠷ᠂ ᠵᠢᠷᠦᠬᠡᠨ ᠤᠷᠤᠢ᠂ ᠰᠡᠬᠡᠷ᠂ ᠠᠮᠠᠨ ᠭᠦᠵᠦᠭᠦᠦ᠂ ᠬᠠᠪᠢᠰᠤᠨ ᠲᠤᠯᠤᠭᠠᠢ ᠵᠡᠷᠬᠡ ᠶᠢ ᠲᠠᠯᠪᠢᠳᠠᠭ ᠢ ᠬᠡᠯᠡᠮᠤᠢ᠃ ᠬᠡᠳᠡᠯ᠎ᠡ ᠭᠠᠵᠠᠷ ᠤᠷᠤᠨ ᠤ ᠵᠠᠩ ᠵᠠᠩᠰᠢᠯ ᠠᠳᠠᠯᠢ ᠦᠬᠡᠢ ᠠᠴᠠ ᠪᠤᠯᠵᠦ ᠦᠬᠡᠷ ᠤᠨ ᠰᠢᠭᠦᠰᠦᠨ ᠢ ᠠᠳᠠᠯᠢ ᠪᠤᠰᠤ ᠪᠠᠷ ᠲᠠᠪᠭᠯᠠᠳᠠᠭ ᠪᠤᠯᠠᠢ᠃ ᠵᠢᠴᠢ ᠦᠬᠡᠷ  ᠤᠨ ᠮᠢᠬ᠎ᠠ᠂ ᠬᠡᠳᠡᠰᠦ ᠲᠤᠳᠤᠷ᠂ ᠲᠠᠪᠤᠨ ᠴᠤᠯᠤ ᠪᠠᠷ ᠶᠠᠩᠵᠦ ᠪᠦᠷᠢ ᠶᠢᠨ ᠲᠡᠪᠡᠰᠢ ᠭᠠᠷᠭᠠᠵᠦ ᠢᠳᠡᠳᠡᠭ ᠪᠤᠯᠠᠢ᠃ ᠪᠦᠭᠦᠯᠢ ᠦᠬᠡᠷ ᠤᠨ ᠰᠢᠭᠦᠰᠦᠨ ᠢ ᠲᠠᠪᠠᠭᠯᠠᠬᠤ ᠠᠨᠤ ᠬᠤᠨᠢᠨ ᠰᠢᠭᠦᠰᠦ ᠲᠠᠢ ᠠᠳᠠᠯᠢ ᠶᠤᠰᠤᠨ ᠪᠤᠯᠠᠢ᠃    ᠦᠬᠡᠷ ᠢ ᠨᠢᠳᠤᠯᠬᠤ ᠠᠷᠭ᠎ᠠ ᠠᠨᠤ ᠬᠡᠳᠦᠨ ᠵᠦᠢᠯ ᠪᠤᠢ᠃ ᠪᠠᠷᠠᠭᠤᠨ ᠤᠷᠤᠨ᠎ᠠ ᠠᠯᠠᠱᠠᠨ ᠵᠡᠷᠬᠡ ᠶᠢᠨ ᠨᠤᠳᠤᠭ  ᠲᠤᠷ ᠠᠮᠠᠨ ᠭᠦᠵᠦᠭᠦᠦ ᠪᠤᠯᠤᠨ ᠲᠤᠯᠤᠭᠠᠢ ᠶᠢᠨ ᠠᠭᠤᠯᠵᠠᠭᠤᠷ ᠤᠨ ᠦᠶ᠎ᠡ ᠲᠤᠮᠳᠠᠭᠤᠷ ᠠᠨᠤ ᠬᠢᠳᠤᠭᠠᠯᠠᠵᠦ ᠨᠤᠭᠤᠰᠦ ᠶᠢ ᠠᠨᠤ ᠲᠠᠰᠤᠯᠠᠵᠦ ᠠᠯᠠᠳᠠᠭ᠃ ᠵᠡᠭᠦᠨ ᠤᠷᠤᠨ ᠳᠤᠷ ᠦᠷᠦᠴᠠᠯᠠᠨ ᠠᠯᠠᠬᠤ ᠪᠤᠶᠦ ᠰᠦᠬᠡ ᠪᠠᠷ ᠮᠠᠩᠨᠠᠢ  ᠶᠢᠨ ᠲᠤᠮᠳᠠ ᠠᠨᠤ ᠴᠤᠬᠢᠵᠦ ᠤᠨᠠᠭᠠᠭᠠᠳ ᠦᠷᠦᠴᠡᠯᠡᠵᠦ ᠠᠯᠠᠳᠠᠭ ᠴᠦ ᠪᠤᠢ᠃    ᠦᠬᠡᠷ ᠢ ᠮᠦᠨ ᠬᠤᠨᠢ ᠮᠠᠳᠦ ᠪᠠᠷ ᠵᠠᠳᠠᠭᠠᠢ ᠪᠤᠶᠦ ᠪᠢᠳᠡᠭᠦᠦ ᠦᠪᠴᠢᠳᠡᠭ ᠪᠤᠯᠠᠢ᠃ ᠡᠪᠳᠡᠭᠦ ᠢᠨᠦ ᠬᠤᠨᠢ ᠢᠮᠠᠭ᠎ᠠ ᠡᠪᠳᠡᠭᠦ ᠲᠠᠢ ᠠᠳᠠᠯᠢ ᠲᠡᠶᠢᠮᠦ ᠨᠠᠷᠢᠯᠢᠭ ᠪᠢᠰᠢ ᠪᠤᠯᠪᠠᠴᠦ ᠶᠡᠭᠡ ᠲᠦᠯᠦᠪ ᠲᠡᠭᠡᠨ ᠠᠳᠠᠯᠢᠬᠠᠨ ᠪᠠᠶᠢᠳᠠᠭ᠃ ᠤᠷᠢᠳᠡᠪᠡᠷ ᠬᠡᠳᠡᠰᠦ ᠲᠤᠳᠤᠷ ᠴᠤᠯᠤ ᠶᠢ ᠠᠨᠤ ᠠᠪᠴᠦ ᠭᠠᠷᠭᠠᠭᠰᠠᠨ ᠤ ᠰᠡᠭᠦᠯᠡᠷ᠂ ᠬᠠ᠂ ᠭᠤᠶ᠎ᠠ᠂ ᠤᠭᠤᠴᠠ᠂ ᠡᠪᠴᠢᠭᠦᠦ᠂ ᠭᠦᠵᠦᠭᠦᠦ᠂ ᠰᠡᠬᠡᠷ ᠬᠡᠭᠦ ᠮᠠᠳᠦ ᠪᠠᠷ ᠵᠢᠷᠭᠤᠭᠠᠨ ᠮᠦᠴᠡ ᠨᠠᠢᠮᠠᠨ ᠬᠡᠰᠡᠭ ᠲᠤᠷ ᠦᠶ᠎ᠡ ᠦᠶ᠎ᠡ ᠪᠠᠷ ᠦᠶᠡᠯᠡᠨ ᠰᠠᠯᠭᠠᠵᠦ ᠠᠪᠳᠠᠭ ᠪᠤᠯᠠᠢ᠃    ᠮᠠᠨ ᠤ ᠤᠷᠤᠨ᠎ᠠ᠂ ᠡᠷᠳᠠ ᠲᠡᠬᠡᠳᠦ ᠠᠴᠠ ᠠᠪᠤᠭᠠᠳ ᠦᠬᠡᠷ ᠤᠨ ᠪᠦᠭᠦᠯᠢ ᠰᠢᠭᠦᠰᠦᠨ ᠢ ᠦᠪᠡᠳᠡᠭᠰᠢ ᠶᠡᠭᠡ ᠬᠤᠷᠢᠮ ᠨᠠᠶᠢᠷ᠂ ᠬᠤᠷᠠᠯ ᠴᠢᠭᠤᠯᠭᠠᠨ ᠳᠤᠷ ᠲᠡᠷᠢᠭᠦᠨ ᠢᠳᠡᠬᠡᠨ ᠪᠤᠯᠭᠠᠨ ᠵᠠᠷᠤᠳᠠᠭ ᠪᠤᠯᠪᠠᠴᠦ ᠭᠤᠤᠯᠳᠠᠭᠤ ᠬᠤᠪᠢ ᠡᠷᠦᠬᠡ ᠡᠪᠤᠯ ᠤᠨ ᠢᠳᠡᠰᠢ ᠪᠤᠯᠭᠠᠨ ᠬᠠᠳᠠᠭᠠᠯᠠᠨ᠂ ᠪᠠᠶᠢᠨ ᠪᠠᠶᠢᠨ ᠱᠦᠯᠦ ᠪᠤᠯᠭᠠᠨ ᠢᠳᠡᠳᠡᠭ ᠲᠤᠯᠠ ᠦᠬᠡᠷ ᠤᠨ ᠰᠢᠭᠦᠰᠦ ᠶᠢ ᠬᠠᠳᠠᠭᠠᠯᠠᠬᠤ ᠪᠤᠶᠦ ᠵᠠᠶᠢᠳᠠᠰᠤᠯᠠᠬᠤ ᠶᠢ ᠶᠡᠭᠡ ᠡᠷᠬᠢᠮᠯᠡᠳᠡᠭ ᠪᠤᠯᠠᠢ᠃ ᠡᠶᠢᠮᠦ ᠠᠴᠠ ᠲᠤᠤᠷ᠎ᠠ ᠪᠢᠳᠠ ᠦᠬᠡᠷ ᠤᠨ ᠵᠠᠶᠢᠳᠠᠰᠦ ᠬᠢᠬᠡᠳ ᠦᠬᠡᠷ ᠤᠨ ᠮᠢᠬ᠎ᠠ ᠶᠢ ᠬᠠᠳᠠᠭᠠᠯᠠᠬᠤ᠂ ᠵᠢᠴᠢ ᠲᠡᠭᠦᠨ ᠢ ᠬᠡᠷᠬᠢᠨ ᠬᠡᠰᠡᠭ ᠬᠡᠰᠡᠭ ᠢᠶᠠᠷ ᠪᠤᠯᠪᠠᠰᠤᠷᠠᠭᠤᠯᠵᠦ ᠢᠳᠡᠳᠡᠭ ᠲᠤᠬᠠᠢ ᠶᠠᠷᠢᠰᠤᠭᠠᠢ᠃
 
ᠢᠷᠡᠯᠲᠡ᠄ ᠮᠤᠩᠭᠤᠯ ᠤᠨ ᠢᠳᠡᠬᠡᠨ ᠤ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号