ᠲᠡᠮᠡᠬᠡᠨ ᠮᠢᠬ᠎ᠠ
ᠨᠡᠶᠢᠲᠡᠯᠡᠭᠰᠡᠨ ᠴᠠᠭ᠄
2023/4/26
   ᠲᠡᠮᠡᠭᠡ ᠪᠤᠯᠪᠠᠰᠤ ᠮᠠᠨ ᠤ ᠮᠤᠩᠭᠤᠯ ᠤᠷᠤᠨ ᠳᠤᠷ ︽ᠮᠠᠩᠬᠠᠨ ᠭᠠᠵᠠᠷ ᠤᠨ ᠤᠩᠭᠤᠴᠠ᠂ ᠮᠠᠯᠵᠢᠬᠤ ᠤᠷᠤᠨ ᠤ ᠵᠠᠭᠠᠨ︾ ᠬᠡᠮᠡᠨ ᠠᠯᠳᠠᠷᠰᠢᠭᠰᠠᠨ ᠪᠤᠯᠠᠢ᠃ ᠲᠡᠷᠡ ᠪᠠᠷ ᠪᠡᠶ᠎ᠡ ᠪᠢᠯᠳᠠᠷ ᠶᠡᠭᠡ᠂ ᠭᠦᠴᠦᠨ ᠴᠢᠳᠠᠯ ᠢᠶᠠᠷ ᠰᠠᠶᠢᠨ ᠠᠪᠤᠷᠭᠤ ᠠᠮᠢᠳᠠᠨ ᠲᠤᠯᠠ ᠮᠠᠨᠠᠶᠢᠬᠢᠨ ᠲᠡᠭᠦᠨ ᠢ ᠡᠯᠡᠰᠦᠨ ᠭᠤᠪᠢ ᠶᠢᠨ ᠠᠶᠠᠨ ᠤ ᠴᠢᠬᠤᠯᠠ ᠭᠦᠰᠬᠡ ᠪᠤᠯᠭᠠᠳᠠᠭ  ᠢᠶᠠᠷ ᠪᠠᠷᠠᠬᠤ ᠦᠬᠡᠢ᠂ ᠲᠡᠭᠦᠨ ᠤ ᠤᠩᠭᠠᠰᠦ ᠨᠤᠤᠰᠦ ᠶᠢ ᠠᠨᠤ ᠡᠳ᠋ᠯᠡᠵᠦ᠂ ᠠᠷᠠᠰᠦ ᠪᠠᠷ ᠠᠨᠤ ᠰᠤᠷ ᠲᠠᠳᠠᠯᠭ᠎ᠠ ᠬᠢᠵᠦ ᠮᠢᠬ᠎ᠠ ᠶᠢ ᠠᠨᠤ ᠶᠠᠩᠵᠦ ᠪᠦᠷᠢ ᠪᠠᠷ ᠪᠤᠯᠪᠠᠰᠤᠷᠠᠭᠤᠯᠤᠨ ᠤᠯᠤᠰ ᠤᠨ ᠵᠤᠴᠢᠨ ᠢ ᠲᠠᠶᠢᠯᠠᠬᠤ ᠲᠡᠬᠡᠳᠦ ᠵᠡᠷᠬᠡ  ᠶᠢᠨ ᠰᠢᠷᠡᠬᠡᠨ ᠳᠤᠷ ᠤᠷᠤᠭᠤᠯᠳᠠᠭ ᠪᠤᠯᠠᠢ᠃    ᠲᠡᠮᠡᠬᠡᠨ ᠠᠴᠠ ᠲᠠᠪᠤᠨ ᠵᠠᠭᠤ ᠠᠴᠠ ᠮᠢᠩᠭᠠᠭᠠᠳ ᠵᠢᠩ ᠮᠢᠬ᠎ᠠ ᠭᠠᠷᠳᠠᠭ ᠠᠵᠤᠭᠤ᠃ ᠲᠡᠮᠡᠬᠡᠨ ᠮᠢᠬ᠎ᠠ ᠶᠢ ᠴᠠᠭ ᠲᠤᠳᠤᠮ ᠬᠡᠮ ᠦᠬᠡᠢ ᠲᠤᠷᠠᠪᠠᠷ ᠢᠳᠡᠪᠡᠰᠦ ᠴᠡᠬᠡᠵᠢ ᠲᠦᠭᠦᠷᠭᠦ ᠮᠠᠰᠢᠭᠤ ᠡᠪᠡᠳᠴᠢᠨ ᠢ ᠵᠠᠰᠠᠬᠤ ᠴᠢᠳᠠᠯ ᠲᠠᠢ ᠬᠡᠮᠡᠨ ︽ᠡᠮᠳᠦ ᠠᠮᠢᠳᠠᠨ︾ ᠳᠤᠷ ᠦᠭᠦᠯᠡᠵᠦᠭᠦᠢ᠃ ᠲᠡᠮᠡᠬᠡᠨ ᠶᠡᠰᠦ ᠠᠨᠤ ᠰᠢᠬᠡᠰᠦ ᠬᠠᠭᠠᠭᠳᠠᠭᠰᠠᠨ ᠢ ᠵᠠᠰᠠᠵᠦ᠂ ᠪᠤᠳᠤᠭᠤ  ᠶᠢᠨ ᠰᠢᠨ᠎ᠡ ᠮᠢᠬ᠎ᠠ ᠰᠢᠷ᠎ᠠ ᠠᠴᠠ ᠤᠯᠤᠭᠰᠠᠨ ᠰᠤᠯᠢᠶ᠎ᠡ ᠡᠪᠡᠳᠴᠢᠨ ᠢ ᠵᠠᠰᠠᠮᠤᠢ᠃ ᠢᠯᠠᠩᠭᠤᠶ᠎ᠠ ᠬᠠᠪᠳᠠᠭᠠᠢ ︵ᠵᠡᠷᠯᠢᠭ ᠲᠡᠮᠡᠭᠡ︶ ᠶᠢᠨ ᠲᠤᠰᠤ ᠶᠢ ᠬᠠᠭᠠᠰ ᠬᠠᠯᠪᠠᠭ᠎ᠠ ᠰᠢᠷᠭᠠᠭᠠᠭᠠᠳ᠂ ᠲᠠᠪᠤᠨ ᠭᠷᠠᠮ ᠤᠰᠤ ᠪᠠᠷ ᠲᠠᠷᠤᠭᠤᠯᠵᠦ ᠦᠯᠦᠨ  ᠢᠶᠠᠷ ᠤᠤᠭᠤᠪᠠᠰᠦ ᠨᠠᠰᠤᠳᠠᠢ ᠭᠦᠮᠦᠨ ᠤ ᠭᠦᠯ ᠭᠠᠷ ᠮᠢᠨᠴᠦᠭᠦᠷᠡᠭᠦ ᠡᠮᠵᠢᠭ ᠢ ᠠᠯᠳᠠᠷᠠᠭᠠᠮᠤᠢ ᠬᠡᠮᠡᠨ ︽ᠡᠮᠳᠦ ᠠᠮᠢᠳᠠᠨ︾ ᠳᠤᠷ ᠲᠡᠮᠳᠡᠭᠯᠡᠵᠤᠭᠦᠢ᠃    ᠮᠠᠨᠠᠶᠢᠬᠢᠨ ᠲᠡᠮᠡᠬᠡᠨ ᠮᠢᠬ᠎ᠠ ᠶᠢ ᠶᠠᠩᠵᠦ ᠪᠦᠷᠢ ᠪᠠᠷ ᠬᠠᠭᠤᠷᠴᠦ᠂ ᠬᠠᠭᠠᠷᠢᠵᠦ᠂ ᠪᠤᠯᠭᠤᠵᠦ ᠢᠳᠡᠭᠦ ᠪᠤᠶᠦ ᠪᠠᠩᠰᠢ ᠪᠤᠤᠵᠠ ᠬᠢᠵᠦ ᠢᠳᠡᠳᠡᠭ ᠠᠴᠠ ᠭᠠᠳᠠᠨ᠎ᠠ᠂ ᠲᠡᠮᠡᠬᠡᠨ ᠪᠦᠭᠦ᠂ ᠲᠡᠮᠡᠬᠡᠨ ᠲᠠᠪᠠᠭ᠂ ᠲᠡᠮᠡᠬᠡᠨ ᠰᠢᠯᠢ᠂  ᠲᠡᠮᠡᠬᠡᠨ ᠰᠡᠭᠦᠯ᠂ ᠲᠡᠮᠡᠬᠡᠨ ᠭᠦᠵᠡᠭᠡ᠂ ᠲᠡᠮᠡᠬᠡᠨ ᠦᠬᠡᠭᠦ ᠵᠡᠷᠬᠡ ᠶᠢ ᠶᠠᠩᠵᠦ ᠪᠦᠷᠢ ᠶᠢᠨ ᠠᠷᠭ᠎ᠠ ᠪᠠᠷ ᠪᠤᠯᠪᠠᠰᠤᠷᠠᠭᠤᠯᠵᠦ ᠲᠡᠬᠡᠳᠦ ᠵᠡᠷᠬᠡ ᠶᠢᠨ ᠨᠡᠷᠡᠳᠦ ᠵᠠᠭᠤᠰᠢ ᠪᠤᠯᠭᠠᠨ ᠢᠳᠡᠳᠡᠭ ᠪᠤᠯᠠᠢ᠃    ᠲᠡᠮᠡᠬᠡᠨ ᠪᠦᠭᠦ᠄ ᠲᠡᠮᠡᠬᠡᠨ ᠪᠦᠭᠦ ᠪᠤᠯᠪᠠᠰᠤ ᠪᠤᠰᠤᠳ ᠮᠠᠯ ᠤᠨ ᠡᠪᠴᠢᠭᠦᠨ ᠤ ᠬᠡᠷᠰᠡᠩ ᠰᠢᠭ ᠦᠬᠡᠭᠦᠯᠢᠭ ᠢᠶᠠᠷ ᠪᠦᠷᠢᠯᠳᠦᠭᠰᠡᠨ ᠪᠦᠬᠡᠳ ᠪᠦᠭᠦ ᠲᠤᠰᠪᠦᠷᠢ 30 — 50 ᠵᠢᠩ ᠭᠦᠨᠳᠦ ᠪᠠᠶᠢᠳᠠᠭ ᠠᠵᠠᠢ᠃ ᠲᠡᠮᠡᠬᠡᠨ ᠪᠦᠭᠦ ᠬᠡᠳᠦᠶᠢᠪᠡᠷ ᠦᠬᠡᠭᠦᠯᠢᠭ ᠪᠤᠯᠪᠠᠴᠦ ᠢᠳᠡᠭᠦᠢ ᠳᠤᠷ ᠱᠠᠩᠳᠠᠭᠤᠨ ᠦᠬᠡᠢ ᠲᠤᠯᠠ ᠲᠡᠭᠦᠨ ᠢ ᠨᠢᠮᠬᠡᠨ ᠬᠠᠪᠢᠰᠤᠯᠠᠨ ᠬᠡᠷᠴᠢᠵᠦ ᠪᠤᠴᠠᠯᠭᠠᠭᠠᠳ ᠲᠤᠰᠤᠨ ᠳᠤᠷ ᠪᠤᠯᠭᠤᠵᠦ ᠠᠪᠤᠭᠠᠳ ᠲᠡᠬᠡᠷ᠎ᠡ ᠢᠨᠦ ᠴᠠᠭᠠᠨ ᠰᠢᠬᠢᠷ ᠬᠢᠵᠦ ᠲᠡᠪᠰᠢᠯᠡᠨ ᠢᠳᠡᠪᠡᠰᠦ ᠶᠡᠬᠡᠳᠠ ᠠᠮᠳᠠᠳᠠᠢ ᠪᠤᠯᠠᠢ᠃ ᠮᠦᠨ ᠨᠠᠷᠢᠨ ᠤᠷᠳᠤᠯᠵᠢᠨ ᠬᠡᠷᠴᠢᠬᠡᠳ ᠡᠪᠤᠯ ᠤᠨ ᠴᠠᠭ ᠲᠤᠷ ᠰᠤᠶᠤᠭ᠎ᠠ ︵ᠰᠦᠶ᠎ᠡ︶᠂ ᠦᠨᠳᠡᠬᠡᠨ ᠴᠠᠭᠠᠨ ᠬᠤᠯᠢᠵᠦ᠂ ᠪᠡᠯᠡᠩ ᠤᠨ ᠲᠤᠰᠤᠨ ᠳᠤᠷ ᠬᠠᠭᠠᠷᠢᠵᠦ ᠢᠳᠡᠪᠡᠰᠦ ᠵᠤᠬᠢᠮᠵᠢᠳᠠᠢ ᠪᠠᠶᠢᠳᠠᠭ ᠪᠤᠯᠠᠢ᠃ ᠲᠡᠮᠡᠬᠡᠨ ᠪᠦᠭᠦ ᠶᠢ ᠪᠠᠰᠠ ᠪᠤᠴᠠᠯᠤᠭᠰᠠᠨ ᠲᠤᠰᠤᠨ ᠳᠤᠷ ᠪᠤᠯᠭᠤᠭᠠᠳ ᠬᠠᠯᠠᠭᠤᠨ ᠲᠤᠭᠤᠭᠠᠨ ᠤ ᠰᠦᠪᠡᠭᠡ ︵ᠬᠡᠬᠡᠰᠦ︶ ᠳᠤᠷ ᠤᠷᠤᠭᠤᠯᠳᠠᠭ ᠠᠵᠤᠭᠤ᠃ ᠵᠢᠴᠢ ᠲᠡᠮᠡᠬᠡᠨ ᠪᠦᠭᠦ ᠪᠠᠷ ᠪᠠᠩᠰᠢ ᠪᠤᠤᠵᠠ ᠬᠢᠵᠦ ᠢᠳᠡᠪᠡᠰᠦ ᠲᠤᠰᠤᠨ ᠠᠨᠤ ᠬᠡᠳᠦᠶᠢᠪᠡᠷ ᠭᠤᠯᠢᠷ ᠢ ᠨᠡᠪᠴᠢᠳᠡᠭ ᠪᠤᠯᠪᠠᠴᠦ ᠢᠳᠡᠭᠦᠢ ᠳᠤᠷ ᠠᠮᠳᠠ ᠠᠨᠤ ᠲᠠᠳᠤᠢ ᠱᠠᠩᠳᠠᠭᠤᠨ ᠦᠬᠡᠢ ᠪᠤᠯᠠᠢ᠃    ᠲᠡᠮᠡᠬᠡᠨ ᠲᠠᠪᠠᠭ ︵ᠲᠠᠪᠠᠭ᠋ᠠᠢ︶᠄ ᠲᠡᠮᠡᠬᠡᠨ ᠤ ᠲᠠᠪᠠᠭ᠋ᠠᠢ ᠶᠢᠨ ᠦᠬᠡᠭᠦᠯᠢᠭ ᠮᠢᠬ᠎ᠠ ᠠᠨᠤ ᠢᠮᠠᠬᠤ ᠢᠯᠡᠭᠦᠦ ᠵᠤᠵᠠᠭᠠᠨ ᠪᠠᠶᠢᠳᠠᠭ ᠪᠦᠬᠡᠳ ᠪᠠᠷᠤᠭ ᠲᠠᠪᠠᠭ᠋ᠠᠢ ᠳᠤᠷ 15 —20 ᠺᠦᠪ ᠰᠡᠠᠲ᠋ᠢᠮᠧᠲᠷ ᠮᠢᠬ᠎ᠠ ᠪᠠᠶᠢᠳᠠᠭ ᠠᠵᠤᠭᠤ᠃ ᠲᠡᠮᠡᠬᠡᠨ ᠲᠠᠪᠠᠭ᠋ᠠᠢ ᠶᠢᠨ ᠵᠠᠭᠤᠰᠢ ᠠᠨᠤ ᠦᠳᠡᠭᠡ ︵ᠪᠠᠭᠠᠪᠠᠭᠠᠢ︶ ᠶᠢᠨ ᠵᠠᠭᠤᠰᠢ ᠲᠠᠢ ᠲᠡᠩᠴᠡᠭᠦ ᠦᠨᠦᠷ ᠠᠮᠳᠠᠳᠠᠢ ᠲᠤᠯᠠ ᠡᠭᠦᠨ ᠢ ᠤᠯᠤᠰ ᠤᠨ ᠲᠡᠬᠡᠳᠦ ᠵᠡᠷᠬᠡ ᠶᠢᠨ ᠲᠠᠶᠢᠯᠠᠯᠭ᠎ᠠ ᠶᠢᠨ ᠰᠢᠷᠡᠬᠡᠨ ᠳᠤᠷ ᠤᠷᠤᠭᠤᠯᠳᠠᠭ ᠪᠤᠯᠠᠢ᠃    ᠲᠡᠮᠡᠬᠡᠨ ᠰᠢᠯᠢ᠄ ᠲᠡᠮᠡᠬᠡᠨ ᠤ ᠲᠠᠬᠢᠯ ᠤᠨ ᠰᠢᠯᠢ ︵ᠰᠢᠷᠪᠤᠰᠤᠨ︶ ᠠᠴᠠ ᠵᠤ ᠶᠢᠨ ᠰᠢᠷᠪᠤᠰᠦ ᠭᠦᠷᠳᠡᠯᠡᠬᠢ 6 —8 ᠲᠤᠬᠤᠢ ᠤᠷᠳᠦ ᠬᠤᠶᠠᠷ ᠢᠮᠠᠬᠤ ᠦᠷᠬᠡᠨ᠂ ᠨᠢᠬᠡᠨ ᠢᠮᠠᠬᠤ ᠰᠢᠬᠠᠮ ᠵᠤᠵᠠᠭᠠᠨ ᠰᠢᠷᠪᠤᠰᠦ ᠶᠢ ᠠᠪᠤᠭᠠᠳ ᠴᠠᠭᠠᠯᠠᠵᠦ ᠨᠤᠯᠳᠠ ᠴᠢᠨᠠᠵᠦ ᠬᠡᠷᠴᠢᠬᠡᠳ ᠦᠨᠦᠷ ᠠᠮᠳᠠᠳᠠᠨ ᠢ ᠬᠠᠴᠢᠷᠯᠠᠨ ᠬᠠᠭᠤᠷᠪᠠᠯ ᠨᠢᠬᠡᠨ ᠵᠦᠢᠯ ᠤᠨ ᠠᠮᠳᠠᠳᠠᠢ ᠵᠠᠭᠤᠰᠢ ᠪᠤᠯᠳᠠᠭ ᠪᠦᠯᠦᠬᠡ᠃ ᠲᠡᠮᠡᠬᠡᠨ ᠰᠢᠷᠪᠤᠰᠦ ᠶᠢ ᠴᠢᠨᠠᠵᠦ ᠢᠳᠡᠪᠡᠰᠦ ᠭᠦᠴᠦᠨ ᠲᠠᠮᠢᠷ ᠨᠡᠮᠡᠭᠳᠡᠵᠦ᠂ ᠬᠡᠵᠢᠬᠡ ᠦᠰᠦᠨ ᠦᠩᠬᠡᠳᠠᠢ ᠪᠤᠯᠳᠠᠭ ᠪᠤᠯᠠᠢ᠃    ᠲᠡᠮᠡᠬᠡᠨ ᠰᠡᠭᠦᠯ᠄ ᠨᠢᠬᠡᠨ ᠲᠤᠬᠤᠢ ᠬᠠᠭᠠᠰ ᠤᠷᠳᠦ᠂ ᠢᠮᠠᠬᠤ ᠵᠤᠵᠠᠭᠠᠨ ᠰᠡᠭᠦᠯ ᠢᠨᠦ ᠬᠤᠨᠢᠨ ᠰᠡᠭᠦᠯ ᠰᠢᠭ ᠦᠬᠡᠭᠦᠯᠢᠭ᠂ ᠴᠢᠨᠠᠵᠦ ᠢᠳᠡᠭᠦᠢ ᠳᠤᠷ ᠲᠤᠰᠤᠯᠢᠭ᠂ ᠠᠳᠠᠯ᠎ᠠ ᠪᠠᠨ ᠲᠡᠳᠤᠢ ᠨᠢᠯᠤᠭᠤᠷᠠᠬᠤ ᠦᠬᠡᠢ᠂ ᠤᠨᠴᠠ ᠱᠠᠩᠳᠠᠭᠤᠨ ᠠᠮᠳᠠᠳᠠᠢ ᠪᠤᠯᠠᠢ᠃ ᠲᠡᠭᠦᠨ ᠢ ᠲᠡᠪᠬᠡᠯᠡᠨ ᠬᠡᠷᠴᠢᠵᠦ᠂ ᠦᠷ᠎ᠡ ᠶᠢᠨ ᠲᠤᠰᠤᠨ᠎ᠠ ᠪᠤᠯᠭᠤᠵᠦ᠂ ᠰᠢᠬᠢᠷ ᠤᠨ ᠵᠦᠢᠯ ᠢᠶᠠᠷ ᠬᠠᠴᠢᠷᠯᠡᠪᠠᠰᠦ ᠨᠢᠬᠡᠨ ᠤᠨᠴᠠ ᠰᠠᠶᠢᠬᠠᠨ ᠠᠮᠳᠠ ᠪᠦᠭᠦᠢ ᠵᠠᠭᠤᠰᠢ ᠪᠤᠯᠳᠠᠭ ᠠᠵᠤᠭᠤ᠃    ᠲᠡᠮᠡᠬᠡᠨ ᠭᠦᠵᠡᠭᠡ᠄ ᠲᠡᠮᠡᠬᠡᠨ ᠭᠦᠵᠡᠭᠡ ᠪᠤᠯᠪᠠᠰᠦ ᠨᠢᠬᠡᠨ ᠲᠠᠪᠬᠤᠷᠭ᠎ᠠ ᠬᠤᠵᠢᠷᠬᠠᠢ᠂ ᠨᠢᠬᠡᠨ ᠲᠠᠪᠬᠤᠷᠭ᠎ᠠ ᠦᠬᠡᠭᠦ ᠮᠠᠳᠦ ᠪᠠᠷ 4 —5 ᠲᠠᠪᠬᠤᠷ ᠠᠯᠠᠭᠯᠠᠨ ᠲᠠᠪᠬᠤᠴᠠᠵᠦ ᠪᠦᠳᠦᠭᠰᠡᠨ ᠪᠠᠶᠢᠳᠠᠭ ᠠᠵᠤᠭᠤ᠃ ᠡᠭᠦᠨ ᠢ ᠤᠬᠢᠶᠠᠵᠦ ᠴᠡᠪᠡᠷᠯᠡᠨ ᠴᠢᠨᠠᠵᠦ ᠪᠤᠯᠭᠤᠭᠠᠳ ᠦᠨᠦᠷ ᠠᠮᠳᠠᠳᠠᠨ ᠢ ᠬᠠᠴᠢᠷᠯᠠᠪᠠᠰᠦ ᠠᠮᠳᠠᠳᠠᠢ ᠵᠠᠭᠤᠰᠢ ᠪᠤᠯᠳᠠᠭ ᠪᠤᠯᠠᠢ᠃ ᠲᠡᠮᠡᠬᠡᠨ ᠤ ᠬᠤᠳᠤᠭᠠᠳᠦ ᠬᠢᠬᠡᠳ ᠭᠦᠵᠡᠭᠡ ᠶᠢ ᠴᠢᠨᠠᠵᠦ ᠢᠳᠡᠪᠠᠰᠦ ᠡᠰᠡ ᠰᠢᠩᠬᠡᠰᠡᠨ ᠬᠤᠤᠷ᠎ᠠ ᠶᠢ ᠠᠯᠳᠠᠷᠭᠠᠵᠦ ᠰᠢᠩᠬᠡᠬᠡᠯᠳᠠ ᠶᠢ ᠰᠠᠶᠢᠵᠢᠷᠠᠭᠤᠯᠬᠤ ᠦᠢᠯᠡᠳᠦᠯ ᠲᠠᠢ ᠠᠵᠠᠢ᠃    ᠲᠡᠮᠡᠬᠡᠨ ᠦᠬᠡᠭᠦ᠄ ᠪᠦᠳᠦᠭᠦᠨ ᠲᠠᠷᠭᠤᠨ ᠲᠡᠮᠡᠬᠡᠨ ᠠᠴᠠ 60 — 70 ᠵᠢᠩ ᠦᠬᠡᠭᠦ ᠭᠠᠷᠤᠮᠤᠢ᠃ ᠬᠤᠮ ᠦᠬᠡᠭᠦ ᠤᠷᠤᠬᠤ ᠦᠬᠡᠢ ᠪᠠᠷ ᠭᠠᠭᠴᠠ ᠴᠢᠴᠠᠷᠬᠠᠢ ᠠᠴᠠ ᠠᠨᠤ 20 ᠵᠢᠩ ᠦᠬᠡᠭᠦ ᠭᠠᠷᠤᠮᠤᠢ᠃ ᠲᠡᠮᠡᠬᠡᠨ ᠦᠬᠡᠭᠦ ᠪᠤᠯᠪᠠᠰᠤ ᠪᠤᠷᠤᠨᠩᠬᠤᠢ ᠰᠡᠭᠦᠳᠡᠷ ᠡᠪᠡᠳᠴᠢᠨ᠂ ᠮᠠᠭᠤ ᠶᠠᠷ᠎ᠠ᠂ ᠬᠤᠤᠷᠳᠦ ᠬᠠᠪᠤᠳᠡᠷ ᠵᠡᠷᠬᠡ ᠶᠢᠨ ᠡᠪᠡᠳᠴᠢᠨ ᠢ ᠵᠠᠰᠠᠬᠤᠢ ᠳᠤᠷ ᠠᠳᠠᠪᠠᠰᠢ ᠰᠠᠶᠢᠨ ᠲᠤᠯᠠ ᠬᠤᠪᠤᠷ ᠨᠠᠠᠳᠢᠨ ᠡᠮ ᠤᠨ ᠮᠠᠲ᠋ᠧᠷᠢᠶᠠᠯ ᠪᠤᠯᠠᠢ᠃    ᠡᠭᠦᠠᠴᠠ ᠭᠠᠳᠠᠨ᠎ᠠ᠂ ᠲᠡᠮᠡᠬᠡᠨ ᠴᠢᠮᠦᠬᠡᠨ ᠲᠤᠰᠤ ᠶᠢ ᠮᠦᠨ ᠢᠳᠡᠳᠡᠭ ᠪᠦᠬᠡᠳ ᠲᠡᠮᠡᠬᠡᠨ ᠤ ᠰᠢᠯᠢᠨ ᠰᠢᠷᠪᠤᠰᠦ  ᠪᠠᠷ ᠰᠤᠷ ᠤᠨ ᠭᠦᠪᠴᠢ ᠬᠢᠵᠦ᠂ ᠲᠡᠭᠦᠨ ᠤ ᠶᠠᠰᠤᠨ ᠢ ᠴᠠᠭ᠎ᠠ ᠪᠤᠶᠦ ᠰᠦᠨ ᠳᠤᠷ ᠲᠡᠪᠳᠤᠬᠡᠵᠦ ᠬᠠᠯᠪᠠᠭ᠎ᠠ᠂ ᠰᠠᠪᠬ᠎ᠠ᠂ ᠬᠤᠭᠤᠷ ᠤᠨ ᠲᠤᠯᠤᠭᠠᠢ᠂ ᠡᠮᠡᠬᠡᠯ ᠤᠨ ᠬᠢᠷ᠎ᠠ᠂ ᠬᠢᠳᠦᠭᠠᠨ ᠰᠢᠬᠢᠳᠬᠡᠬᠡᠷ ᠵᠡᠷᠬᠡ ᠶᠢ ᠬᠢᠳᠡᠭ ᠪᠤᠯᠠᠢ᠃
 
ᠢᠷᠡᠯᠲᠡ᠄ ᠮᠤᠩᠭᠤᠯ ᠤᠨ ᠢᠳᠡᠬᠡᠨ ᠲᠤᠪᠴᠢᠶ᠎ᠠ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号