ᠤᠷᠢᠳᠦ ᠴᠠᠭ ᠲᠤ᠂ ᠭᠦᠷᠢᠶ᠎ᠡ ᠬᠤᠰᠢᠭᠤᠨ ᠤ ᠶᠠᠩᠰᠢᠪ ᠤᠨ ᠠᠶᠢᠯ ᠳᠤ ᠠᠳᠤᠭᠤ ᠮᠠᠯ ᠤᠯᠠᠨ ᠲᠠᠢ ᠨᠢᠬᠡᠨ | ᠪᠠᠶᠠᠨ ᠪᠠᠶᠢᠵᠠᠢ᠃ ᠨᠢᠬᠡᠨ ᠡᠳᠦᠷ ᠲᠡᠷᠡ ᠪᠠᠶᠠᠨ ᠤ ᠳᠤ ᠨᠢᠬᠡᠨ ᠦᠯᠦ ᠲᠠᠨᠢᠬᠤ ᠭᠦᠮᠦᠨ ᠢᠷᠡᠵᠦ ᠭᠦᠴᠦ ᠶᠠᠪᠤᠬᠤ | ᠪᠠᠷ ᠭᠤᠶᠤᠭᠰᠠᠨ ᠳᠤ ᠪᠠᠶᠠᠨ ᠵᠦᠪᠰᠢᠶᠡᠷᠡᠵᠦ ᠠᠳᠤᠭᠤ ᠮᠠᠯ ᠢᠶᠠᠨ ᠬᠠᠷᠢᠭᠤᠯᠤᠭᠤᠯᠪᠠ ᠬᠡᠨ᠎ᠡ᠃ | ᠡᠳᠦᠷ ᠰᠠᠷ᠎ᠠ ᠦᠩᠬᠡᠷᠡᠭᠰᠡᠬᠡᠷ ᠭᠤᠷᠪᠠᠨ ᠵᠢᠯ ᠤᠨ ᠨᠢᠭᠤᠷ ᠢ ᠦᠵᠡᠵᠦ᠂ ᠭᠦᠴᠦᠨ ᠤ ᠭᠦᠮᠦᠨ ᠶᠠᠪᠤᠬᠤ ᠪᠠᠷ | ᠪᠤᠯᠤᠭᠰᠠᠨ ᠳᠤ ᠪᠠᠶᠠᠨ ᠠᠴᠠ ᠭᠦᠴᠦ ᠬᠠᠷᠠᠮᠵᠢ ᠶᠢ ᠨᠢ ᠪᠤᠳᠤᠵᠦ ᠦᠭᠭᠦ ᠪᠠᠷ ᠪᠤᠯᠪᠠ᠃ ᠲᠡᠷᠡ ᠭᠦᠴᠦᠨ ᠤ | ᠭᠦᠮᠦᠨ᠄ ︽ᠪᠢ ᠦᠬᠡᠷ᠎ᠡ ᠶᠠᠭᠤ ᠴᠦ ᠠᠪᠬᠤ ᠦᠬᠡᠢ᠂ ᠲᠠᠨ ᠤ ᠭᠦᠮᠦᠷᠬᠡᠨ ᠠᠴᠠ ᠨᠢᠬᠡ ᠱᠧᠩ ᠰᠢᠷ᠎ᠠ ᠪᠤᠷᠴᠠᠭ | ᠠᠪᠤᠪᠠᠯ ᠪᠤᠯᠴᠢᠬᠠᠨ᠎ᠠ︾ ᠬᠡᠪᠡ᠃ ᠪᠠᠶᠠᠨ ᠰᠤᠨᠤᠰᠤᠭᠠᠳ ᠶᠡᠭᠡ ᠯᠡ ᠪᠠᠶᠠᠷᠯᠠᠵᠦ ︽ᠨᠢᠬᠡ ᠱᠧᠩ ᠪᠠᠶᠢᠳᠤᠭᠠᠢ ᠠᠷᠪᠠᠨ | ᠱᠧᠩ ᠠᠪᠤᠭᠰᠠᠨ ᠴᠦ ᠪᠤᠯᠤᠨ᠎ᠠ︾ ᠬᠡᠵᠡᠢ᠃ ᠲᠡᠷᠡ ᠭᠦᠮᠦᠨ ᠨᠢᠬᠡ ᠱᠧᠩ ᠰᠢᠷ᠎ᠠ ᠪᠤᠷᠴᠠᠭ ᠢ ᠨᠢ ᠠᠪᠴᠦ ᠶᠠᠪᠤᠪᠠ᠃ | ᠪᠠᠶᠠᠨ ᠬᠡᠳᠦᠶᠢᠪᠡᠷ ᠲᠤᠳᠤᠷ᠎ᠠ ᠪᠠᠨ ᠶᠡᠭᠡ ᠯᠡ ᠪᠠᠶᠠᠷᠯᠠᠪᠠᠴᠦ ᠡᠨᠡ ᠭᠦᠮᠦᠨ ᠨᠢᠬᠡ ᠯᠡ ᠱᠧᠩ ᠰᠢᠷ᠎ᠠ ᠪᠤᠷᠴᠠᠭ ᠢᠶᠠᠷ | ᠴᠤᠬᠤᠮ ᠶᠠᠭᠤ ᠬᠢᠭᠦ ᠶᠤᠮ ᠳ᠋ᠠ ᠬᠡᠵᠦ ᠭᠠᠶᠢᠬᠠᠰᠢ ᠠᠯᠳᠠᠨ ᠲᠡᠷᠡ ᠭᠦᠮᠦᠨ ᠤ ᠬᠤᠶᠢᠨ᠎ᠠ ᠠᠴᠠ ᠬᠡᠳᠡᠵᠦ ᠶᠠᠪᠤᠪᠠ᠃ | ᠦᠨᠦᠬᠢ ᠭᠦᠴᠦᠨ ᠤ ᠭᠦᠮᠦᠨ ᠪᠠᠶᠠᠨ ᠤ ᠬᠡᠷ ᠠᠴᠠ ᠭᠠᠷᠴᠦ ᠶᠠᠪᠤᠭᠠᠳ ᠲᠤᠰ ᠠᠶᠢᠯ ᠠᠴᠠ ᠤᠶᠢᠷᠠᠯᠴᠠᠭ᠎ᠠ ᠨᠢᠬᠡᠨ | ᠠᠭᠤᠯᠠᠨ ᠳᠤ ᠭᠦᠷᠦᠭᠰᠡᠨ ᠪᠠᠶᠢᠯ᠎ᠠ᠃ ᠠᠭᠤᠯᠠᠨ ᠳᠤ ᠭᠠᠷᠤᠭᠰᠠᠨ ᠤ ᠰᠠᠭᠦᠯᠡᠷ ᠲᠡᠷᠡ ᠨᠢᠬᠡ ᠶᠡᠭᠡ ᠬᠠᠳᠠᠨ ᠤ | ᠲᠡᠷᠬᠡᠳᠠ ᠭᠦᠷᠴᠦ ᠦᠨᠦᠬᠢ ᠨᠢᠬᠡ ᠱᠧᠩ ᠰᠢᠷ᠎ᠠ ᠪᠤᠷᠴᠠᠭ ᠢᠶᠠᠨ ᠬᠠᠳᠠᠨ ᠲᠡᠬᠡᠷ᠎ᠡ ᠰᠠᠴᠤᠭᠰᠠᠨ ᠤ ᠲᠠᠷᠠᠭ᠎ᠠ ᠠᠭᠱᠠᠨ | ᠵᠠᠭᠤᠷ᠎ᠠ ᠬᠠᠳᠠ ᠨᠡᠬᠡᠬᠡᠭᠳᠡᠵᠦ ᠨᠢᠬᠡᠨ ᠡᠷᠳᠡᠨᠢ ᠶᠢᠨ ᠭᠠᠭ᠋ᠠᠢ ᠭᠠᠷᠴᠦ ᠢᠷᠡᠭᠦ ᠬᠠᠷᠠᠭᠳᠠᠪᠠ᠃ ᠲᠦᠩᠬᠡᠵᠦ ᠭᠠᠭ᠋ᠠᠢ ᠶᠢᠨ | ᠬᠠᠭᠠᠰ ᠪᠡᠶ᠎ᠡ ᠨᠢ ᠭᠠᠷᠴᠦ ᠢᠷᠡᠳᠠᠯᠠ ᠬᠡᠳᠡᠵᠦ ᠪᠠᠶᠢᠭ᠎ᠠ ᠪᠠᠶᠠᠨ ᠰᠤᠴᠢᠭᠰᠠᠨ ᠭᠦᠴᠦᠨ ᠳᠡᠭᠡᠨ ︽ᠲᠡᠷᠡ ᠭᠠᠷᠴᠦ | ᠢᠷᠡᠭᠦ ᠶᠠᠭᠤᠮ᠎ᠠ ᠶᠠᠭᠤ ᠪᠤᠢ︖︾ ᠬᠡᠵᠦ ᠪᠠᠷᠬᠢᠷᠠᠨ ᠠᠰᠠᠭᠤᠭᠰᠠᠨ ᠬᠡᠨ᠎ᠡ᠃ ᠪᠠᠶᠠᠨ ᠤ ᠪᠠᠷᠬᠢᠷᠠᠭᠰᠠᠨ ᠲᠠᠭᠤᠨ ᠳᠤ | ᠲᠡᠷᠡ ᠡᠷᠳᠡᠨᠢ ᠶᠢᠨ ᠭᠠᠭ᠋ᠠᠢ ᠡᠷᠬᠢᠬᠡᠳ ᠲᠤᠳᠤᠭᠰᠢ ᠪᠠᠨ ᠰᠢᠷᠭᠤᠨ ᠤᠷᠤᠵᠠᠢ᠃ | ᠲᠤᠰ ᠨᠤᠳᠤᠭ ᠤᠨ ᠭᠦᠮᠦᠰ ᠲᠡᠷᠡ ᠴᠠᠭ ᠠᠴᠠ ᠡᠬᠢᠯᠡᠬᠡᠳ ᠦᠨᠦ ᠡᠷᠳᠡᠨᠢ ᠶᠢᠨ ᠭᠠᠭ᠋ᠠᠢ ᠨᠢᠭᠤᠭᠳᠠᠭᠰᠠᠨ | ᠠᠭᠤᠯᠠ ᠶᠢ ᠭᠠᠭ᠋ᠠᠢ ᠠᠭᠤᠯᠠ ᠬᠡᠮᠡᠨ ᠨᠡᠷᠡᠯᠡᠨ ᠲᠠᠭᠤᠳᠠᠬᠤ ᠪᠤᠯᠪᠠ ᠬᠡᠨ᠎ᠡ᠃ |