ᠥᠬᠢᠨ ᠲᠡᠭᠷᠢ ᠶᠢᠨ ᠰᠢᠲᠦᠭᠡᠨ ᠰᠦᠮ᠎ᠡ
ᠨᠡᠶᠢᠲᠡᠯᠡᠭᠰᠡᠨ ᠴᠠᠭ᠄
2020-03-13
   ᠥᠬᠢᠨ ᠲᠡᠭᠷᠢ ᠶᠢᠨ ᠰᠢᠲᠦᠭᠡᠨ ᠰᠦᠮ᠎ᠡ ᠪᠣᠯ ᠰᠢᠷᠡᠭᠡᠲᠦ ᠬᠦᠷᠢᠶ᠎ᠡ ᠶᠢᠨ ᠭᠤᠷᠪᠠᠳᠣᠭᠠᠷ ᠦᠶ᠎ᠡ ᠶᠢᠨ ᠵᠠᠰᠠᠭ ᠳ᠋ᠠ ᠯᠠᠮᠠ ᠰᠢᠪᠵᠠᠬᠦᠨᠷᠦᠭ ᠠᠴᠠ ᠳᠠᠯᠠᠢ᠂ ᠪᠡᠴᠢᠨ ᠤ ᠵᠠᠬᠢᠶ᠎ᠠ ᠶᠢ ᠳᠠᠭᠠᠵᠦ ᠬᠤᠶᠢᠲᠦ ᠠᠯᠲᠠᠨ ᠣᠯᠣᠰ ᠲᠤ ᠳᠠᠭᠠᠷ᠎ᠠ ᠢᠷᠡᠬᠦ ᠳᠤ ᠲᠠᠪᠣᠳᠣᠭᠠᠷ ᠳᠦᠷᠢ ᠶᠢᠨ ᠳᠠᠯᠠᠢ ᠯᠠᠮ᠎ᠠ ᠯᠤᠪᠰᠠᠩᠵᠠᠮᠰᠦ ᠥᠪᠡᠷ ᠤᠨ ᠳᠠᠬᠢᠵᠦ ᠪᠠᠶᠢᠭᠰᠠᠨ ᠥᠬᠢᠨ ᠲᠡᠭᠷᠢ  ᠶᠢᠨ ᠬᠥᠷᠥᠭ ᠢᠶᠠᠨ ᠥᠭᠭᠦᠭᠰᠡᠨ ᠪᠠᠶᠢᠪᠠ᠃ ᠰᠢᠪᠵᠠᠬᠦᠨᠷᠦᠭ ᠠᠴᠠ ᠲᠡᠭᠦᠨ ᠢ ᠪᠡᠶ᠎ᠡ ᠶᠢᠨ ᠰᠠᠬᠢᠶ᠎ᠠ ᠪᠣᠯᠭᠠᠵᠣ ᠴᠢᠩ  ᠤᠨ ᠡᠶᠡᠪᠡᠷ ᠵᠠᠰᠠᠭᠴᠢ ᠶᠢᠨ 12 ᠣᠨ ︵1655 ᠤᠨ︶ ᠳᠤ ᠰᠦᠮ᠎ᠡ ᠪᠠᠶᠢᠭᠤᠯᠤᠨ ᠳᠠᠬᠢᠭᠰᠠᠨ ᠪᠠᠶᠢᠨ᠎ᠠ᠃ ᠲᠡᠭᠦᠨ ᠠᠴᠠ ᠡᠬᠢᠯᠡᠨ ︽ᠥᠬᠢᠨ ᠲᠡᠭᠷᠢ ᠶᠢᠨ ᠰᠢᠲᠦᠭᠡᠨ ᠰᠦᠮ᠎ᠡ︾ ᠨᠢ ᠲᠦᠷᠦ ᠱᠠᠰᠢᠨ ᠨᠢᠭᠡᠳᠦᠭᠰᠡᠨ ᠰᠢᠷᠡᠬᠡᠲᠦ ᠬᠦᠷᠢᠶ᠎ᠡ ᠶᠢᠨ ᠭᠤᠣᠯ ᠰᠢᠲᠦᠭᠡᠨ ᠪᠣᠯᠵᠦ ᠬᠦᠮᠦᠰ ᠲᠤ ᠰᠢᠲᠦᠭᠳᠡᠭᠰᠡᠨ ᠪᠠᠶᠢᠨ᠎ᠠ᠃ ᠡᠭᠦᠨ ᠳᠤ ᠪᠣᠷᠬᠠᠨ ᠱᠠᠰᠢᠨ ᠳᠤ ᠰᠦᠰᠦᠭ ᠪᠢᠰᠢᠷᠡᠯ ᠲᠠᠢ ᠬᠦᠮᠦᠰ ᠬᠡᠷᠪᠡ ᠲᠠᠰᠦᠯᠵᠦ ᠴᠢᠳᠠᠬᠤ ᠦᠭᠡᠢ ᠬᠡᠷᠡᠭ ᠪᠠ ᠬᠢᠯᠡᠰ ᠭᠦᠵᠢᠷ ᠶᠠᠯ᠎ᠠ ᠳᠤ ᠣᠨᠠᠪᠠᠯ ᠴᠦᠮ ᠥᠬᠢᠨ ᠲᠡᠭᠷᠢ ᠠᠴᠠ ᠠᠪᠦᠷᠠᠯ ᠭᠤᠶᠣᠵᠣ ᠦᠨᠡᠨ ᠬᠤᠳᠠᠯ ᠢᠶᠠᠨ ᠢᠯᠭᠠᠳᠠᠭ᠃    ᠥᠬᠢᠨ ᠲᠡᠭᠷᠢ ᠶᠢᠨ ᠰᠢᠲᠦᠭᠡᠨ ᠰᠦᠮ᠎ᠡ ᠶᠢᠨ ᠪᠠᠷᠢᠯᠭ᠎ᠠ ᠶᠢᠨ ᠭᠤᠣᠯ ᠬᠠᠷᠰᠢ ᠨᠢ ᠭᠤᠷᠪᠡᠨ ᠲᠠᠰᠣᠯᠭ᠎ᠠ ᠰᠦᠮ᠎ᠡ ᠪᠦᠭᠡᠳ ᠵᠡᠭᠦᠨ ᠪᠠᠷᠠᠭᠤᠨ ᠲᠠᠯ᠎ᠠ ᠳᠤ ᠨᠢ ᠳᠣᠰ ᠪᠦᠷᠢ ᠭᠤᠷᠪᠡᠨ ᠳᠠᠰᠤᠯᠭ᠎ᠠ ᠵᠢᠭᠦᠷ ᠤᠨ ᠬᠠᠷᠰᠢ ᠲᠠᠢ᠂ ᠪᠠᠰᠠ ᠨᠤᠮ  ᠤᠨ ᠬᠠᠷᠰᠢ ᠪᠣᠯᠣᠨ ᠬᠠᠭᠠᠯᠭ᠎ᠠ ᠶᠢᠨ ᠰᠦᠮ᠎ᠡ ᠲᠠᠢ᠃ ᠰᠦᠮ᠎ᠡ ᠶᠢᠨ ᠬᠦᠷᠢᠶᠡᠨ ᠤ ᠪᠠᠷᠠᠭᠤᠨ ᠡᠮᠦᠨ᠎ᠡ ᠥᠨᠴᠥᠭ ᠲᠤ ᠨᠢᠭᠡ ᠰᠠᠭᠤᠷᠢ ᠪᠤᠷᠬᠠᠨ ᠤ ᠰᠤᠪᠤᠷᠭ᠎ᠠ ᠪᠤᠢ᠃ ᠡᠭᠦᠨ ᠢ ᠶᠡᠷᠦᠨᠢ ᠨᠤᠮ ᠤᠨ ᠬᠠᠨ ᠤ ᠰᠤᠪᠤᠷᠭ᠎ᠠ ᠭᠡᠳᠡᠭ᠃    ᠣᠯᠠᠮᠵᠢᠯᠠᠯ ᠢ ᠥᠨᠳᠦᠰᠦᠯᠡᠪᠡᠯ᠂ ᠲᠣᠰ ᠰᠦᠮ᠎ᠡ ᠳᠠᠬᠢ ᠥᠬᠢᠨ ᠳᠡᠭᠷᠢ ᠶᠢᠨ ᠬᠦᠷᠥᠭ ᠢ ᠽᠥᠩᠺᠡᠸ᠎ᠡ ᠪᠣᠷᠬᠠᠨ  ᠤ ᠥᠪᠡᠷ ᠤᠨ ᠬᠠᠮᠠᠷ ᠤᠨ ᠴᠢᠰᠦ ᠪᠠᠷ ᠢᠶᠠᠨ ᠵᠢᠷᠣᠭᠰᠠᠨ ᠬᠥᠷᠥᠭ ᠭᠡᠨ᠎ᠡ᠃ ᠡᠶᠢᠮᠦ ᠠᠴᠠ ᠡᠨᠡ ᠬᠦᠷᠦᠭ ᠨᠢ ᠬᠦᠮᠦᠰ ᠲᠤ ᠲᠦᠢᠯ ᠶᠢᠨ ᠠᠷᠢᠭᠤᠨ ᠴᠡᠪᠡᠷ ᠦᠵᠡᠭᠳᠡᠵᠦ᠂ ᠶᠡᠷᠦ ᠳᠡᠭᠡᠨ ᠲᠠᠪᠬᠤᠷ ᠲᠠᠪᠬᠤᠷ ᠬᠦᠰᠢᠶ᠎ᠡ ᠪᠠᠷ ᠬᠠᠯᠬᠠᠯᠠᠵᠦ ᠡᠭᠡᠯ ᠬᠦᠮᠦᠰ ᠲᠤ ᠦᠵᠡᠭᠦᠯᠳᠡᠭ ᠦᠭᠡᠢ ᠭᠡᠳᠡᠭ᠃    ᠥᠬᠢᠨ ᠲᠡᠭᠷᠢ ᠶᠢᠨ ᠨᠤᠮ ᠤ ᠬᠠᠷᠰᠢ ᠳᠤ ᠪᠣᠷᠬᠠᠨ ᠤ ᠨᠤᠮ ︽ᠭᠠᠨᠵᠣᠣᠷ︾᠂ ︽ᠳᠠᠨᠵᠣᠣᠷ︾ ᠢ ᠲᠣᠰᠪᠦᠷᠢ ᠨᠢᠭᠡ ᠬᠤᠪᠢ ᠬᠠᠳᠠᠭᠠᠯᠠᠵᠦ ᠪᠠᠶᠢᠪᠠ᠃ ᠡᠨᠡ ᠰᠦᠮ᠎ᠡ ᠳᠤ ᠨᠢᠭᠡ ᠡᠷᠬᠢᠯᠡᠭᠴᠢ ᠳ᠋ᠠ ᠯᠠᠮᠠ ᠲᠠᠢ᠂ ᠶᠡᠷᠦᠳᠡᠭᠡᠨ ᠲᠣᠭᠤᠷ  ᠤᠨ ᠬᠡᠯᠪᠡᠷᠢ ᠲᠠᠢ ᠮᠠᠯᠠᠭᠠᠢ ᠵᠡᠭᠦᠳᠡᠭ ᠠᠴᠠ ᠪᠠᠰᠠ ᠲᠣᠭᠤᠷ ᠤᠨ ᠯᠠᠮᠠ ᠭᠡᠳᠡᠭ᠃ ᠲᠣᠭᠤᠷ ᠳ᠋ᠠ ᠯᠠᠮᠠ ᠶᠢᠨ ᠪᠠᠶᠢᠷᠢ ᠰᠠᠭᠤᠷᠢ ᠨᠢ ᠪᠣᠰᠣᠳ ᠰᠦᠮ᠎ᠡ ᠶᠢᠨ ᠳ᠋ᠠ ᠯᠠᠮᠠ ᠠᠴᠠ ᠥᠨᠳᠦᠷ ᠪᠠᠶᠢᠵᠦ᠂ ᠵᠠᠰᠠᠭ ᠳ᠋ᠠ ᠯᠠᠮᠠ ᠲᠠᠢ ᠵᠣᠯᠭᠠᠬᠤ ᠳᠤ ᠵᠠᠰᠠᠭ ᠳ᠋ᠠ ᠯᠠᠮᠠ ᠪᠡᠶ᠎ᠡ ᠥᠨᠳᠡᠶᠢᠨ ᠬᠠᠷᠢᠭᠤ ᠶᠣᠰᠣ ᠬᠢᠳᠡᠭ ᠪᠦᠭᠡᠳ ᠰᠠᠭᠤᠳᠠᠯ ᠬᠠᠶᠢᠷᠠᠯᠠᠵᠦ ᠴᠠᠢ ᠣᠣᠭᠤᠯᠭᠠᠳᠠᠭ᠃ ᠵᠢᠯ ᠪᠦᠷᠢ ᠶᠢᠨ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠤ ᠥᠷᠯᠦᠭᠡ ᠵᠠᠰᠠᠭ ᠳ᠋ᠠ ᠯᠠᠮᠠ ᠥᠪᠡᠷ ᠤᠨ ᠪᠡᠶ᠎ᠡ ᠪᠠᠷ  ᠢᠶᠠᠨ ᠰᠦᠮ᠎ᠡ ᠳᠤ ᠣᠴᠢᠵᠣ ᠥᠬᠢᠨ ᠲᠡᠭᠷᠢ ᠶᠢᠨ ᠬᠦᠷᠦᠭ ᠲᠤ ᠳᠠᠬᠢᠯᠭ᠎ᠠ ᠡᠷᠭᠦᠳᠡᠭ᠃    ᠥᠬᠢᠨ ᠲᠡᠭᠷᠢ ᠶᠢᠨ ᠰᠢᠲᠦᠭᠡᠨ ᠰᠦᠮ᠎ᠡ ᠨᠢ ᠵᠢᠯ ᠳᠤ ᠪᠠᠨ ᠬᠤᠷᠠᠯ ᠨᠤᠮ ᠬᠤᠷᠠᠳᠠᠭ ᠭᠠᠵᠠᠷ ᠪᠣᠯᠣᠨ᠎ᠠ᠃ ᠳᠣᠬᠠᠶᠢᠯᠠᠪᠠᠯ᠂ ᠴᠠᠭᠠᠨ ᠰᠠᠷ᠎ᠠ ᠶᠢᠨ ᠰᠢᠨ᠎ᠡ ᠶᠢᠨ ᠨᠢᠭᠡᠨ ᠠᠴᠠ ᠭᠤᠷᠪᠡᠨ ᠪᠣᠯᠲᠠᠯ᠎ᠠ ᠲᠤᠭᠰᠢᠳ ᠤᠨ ᠬᠤᠷᠠᠯ ᠲᠠᠢ᠃ ᠬᠤᠶᠠᠷ ᠰᠠᠷ᠎ᠠ ᠶᠢᠨ ᠠᠷᠪᠠᠨ ᠨᠠᠢᠮᠠᠨ ᠳᠤ ᠰᠠᠩᠵᠠᠳ ᠮᠣᠯᠣᠮ ᠤᠨ ᠢᠷᠦᠭᠡᠯ ᠤᠨ ᠬᠤᠷᠠᠯ ᠲᠠᠢ᠃ ᠬᠤᠶᠠᠷ ᠰᠠᠷ᠎ᠠ ᠶᠢᠨ ᠬᠤᠷᠢᠨ ᠵᠢᠷᠭᠤᠭᠠᠨ ᠳᠤ ᠲᠡᠮᠡᠴᠡᠭ ᠰᠤᠩᠳᠦᠢ ᠨᠤᠮ ᠤᠩᠰᠢᠨ᠎ᠠ᠂ ᠳᠥᠷᠪᠡᠨ ᠰᠠᠷ᠎ᠠ ᠶᠢᠨ ᠨᠢᠭᠡ ᠪᠠ ᠬᠤᠶᠠᠷ ᠲᠤ ᠳ᠋ᠠᠷ᠎ᠠ ᠡᠬᠡ ᠶᠢᠨ ᠨᠣᠮ ᠤᠨ ᠬᠤᠷᠠᠯ ᠲᠠᠢ᠃ ᠳᠥᠷᠪᠡᠨ ᠰᠠᠷ᠎ᠠ ᠶᠢᠨ ᠠᠷᠪᠠᠨ ᠲᠠᠪᠤᠨ ᠳᠤ ᠤᠰᠤᠨ ᠨᠠᠬᠢᠶ᠎ᠠ ᠨᠤᠮ ᠤᠩᠰᠢᠨ᠎ᠠ᠃ ᠲᠠᠪᠣᠨ ᠰᠠᠷ᠎ᠠ ᠶᠢᠨ ᠰᠢᠨ᠎ᠡ ᠶᠢᠨ ᠲᠠᠪᠤᠨ ᠳᠤ ᠣᠲᠠᠴᠢ ᠪᠣᠷᠬᠠᠨ ᠤ ᠨᠤᠮ ᠤᠨ ᠬᠤᠷᠠᠯ ᠲᠠᠢ᠃ ᠵᠢᠷᠭᠤᠭᠠᠨ ᠰᠠᠷ᠎ᠠ ᠶᠢᠨ ᠳᠥᠷᠪᠡᠨ ᠳᠤ ᠶᠠᠮᠠᠳᠠᠭ᠎ᠠ ᠪᠤᠷᠬᠠᠨ ᠤ ᠬᠤᠷᠠᠯ ᠲᠠᠢ᠃ ᠳᠣᠯᠣᠭᠠᠨ ᠰᠠᠷ᠎ᠠ ᠶᠢᠨ ᠨᠢᠭᠡᠨ ᠪᠠ ᠬᠤᠶᠠᠷ ᠲᠤ ᠭᠠᠨᠵᠣᠣᠷ ᠤᠨ ᠬᠤᠷᠠᠯ ᠲᠠᠢ᠃ ᠨᠠᠢᠮᠠᠨ ᠰᠠᠷ᠎ᠠ ᠶᠢᠨ ᠬᠤᠶᠠᠷ ᠠᠴᠠ ᠳᠥᠷᠪᠡᠨ ᠪᠣᠯᠲᠠᠯ᠎ᠠ ᠥᠬᠢᠨ ᠲᠡᠭᠷᠢ  ᠶᠢᠨ ᠨᠤᠮ ᠤᠩᠰᠢᠨ᠎ᠠ᠃ ᠶᠢᠰᠦᠨ ᠰᠠᠷ᠎ᠠ ᠶᠢᠨ ᠨᠢᠭᠡᠨ ᠠᠴᠠ ᠭᠤᠷᠪᠠᠨ ᠪᠣᠯᠲᠠᠯ᠎ᠠ ᠳ᠋ᠠᠷ᠎ᠠ ᠡᠬᠡ ᠶᠢᠨ ᠨᠤᠮ ᠣᠩᠰᠢᠨ᠎ᠠ᠃ ᠶᠢᠰᠦᠨ ᠰᠠᠷ᠎ᠠ ᠶᠢᠨ ᠬᠤᠷᠢᠨ ᠬᠤᠶᠠᠷ ᠤᠨ ᠡᠳᠦᠷ ᠳ᠋ᠠᠷ᠎ᠠ ᠡᠬᠡ ᠶᠢᠨ ᠳᠤᠭᠰᠢᠳ ᠣᠩᠰᠢᠨ᠎ᠠ᠃ ᠠᠷᠪᠠᠨ ᠰᠠᠷ᠎ᠠ ᠶᠢᠨ ᠬᠤᠷᠢᠨ ᠲᠠᠪᠤᠨ ᠪᠣᠯ ᠽᠥᠩᠺᠠᠸ᠎ᠡ ᠪᠤᠷᠬᠠᠨ ᠤ ᠢᠯᠡᠷᠡᠭᠰᠡᠨ ᠡᠳᠦᠷ ᠪᠣᠯᠬᠤᠷ ᠳ᠋ᠧᠪᠠᠵᠠᠨ ᠤ ᠵᠣᠯᠠ ᠶᠢᠨ ᠬᠤᠷᠠᠯ ᠬᠢᠨ᠎ᠡ ᠃ ᠠᠷᠪᠠᠨ ᠨᠢᠭᠡᠨ ᠰᠠᠷ᠎ᠠ ᠶᠢᠨ ᠠᠷᠪᠠᠨ ᠨᠢᠭᠡᠨ ᠤ ᠡᠳᠦᠷ  ᠲᠤᠭᠰᠢᠳ ᠤᠨ ᠬᠤᠷᠠᠯ ᠲᠠᠢ᠃ ᠠᠷᠪᠠᠨ ᠨᠢᠭᠡᠨ ᠰᠠᠷ᠎ᠠ  ᠶᠢᠨ ᠭᠤᠴᠢᠨ ᠤ ᠰᠥᠨᠢ ᠰᠢᠬᠢᠳᠠᠷᠢ ᠶᠢᠨ ᠬᠤᠷᠠᠯ ᠲᠠᠢ᠃    ᠡᠭᠦᠨ ᠠᠴᠠ ᠭᠠᠳᠠᠨ᠎ᠠ᠂ ᠲᠠᠪᠤᠨ ᠵᠢᠯ ᠡᠭᠡᠯᠵᠢᠯᠡᠬᠦ ᠪᠦᠷᠢ ᠶᠡᠭᠡ ᠬᠡᠪᠴᠢᠶᠡᠨ ᠤ ᠮᠠᠨᠢ ᠶᠢᠨ ᠦᠷᠢᠯ ᠪᠦᠲᠦᠭᠡᠳᠡᠭ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号