ᠨᠠᠰᠤᠨ ᠣᠷᠲᠣᠳᠬᠠᠭᠴᠢ ᠬᠡᠶᠢᠳ
ᠨᠡᠶᠢᠲᠡᠯᠡᠭᠰᠡᠨ ᠴᠠᠭ᠄
2020-02-14
   ᠲᠣᠰ ᠰᠦᠮ᠎ᠡ ᠨᠢ ᠦᠩᠭᠡᠷᠡᠭᠰᠡᠨ ᠤ ᠰᠢᠷᠡᠭᠡᠲᠦ ᠬᠦᠷᠢᠶ᠎ᠡ ᠶᠢᠨ ᠪᠠᠷᠠᠭᠤᠨ ᠡᠮᠦᠨ᠎ᠡ ᠪᠠᠶᠢᠷᠢᠯᠠᠵᠦ ᠪᠠᠶᠢᠭᠰᠠᠨ ᠲᠠᠩᠭᠤᠳ ᠬᠠᠯᠬ᠎ᠠ ᠬᠤᠰᠢᠭᠤᠨ ᠤ ᠴᠣᠷ ᠤᠨ ᠭᠠᠭᠴᠠ ᠯᠠᠮᠠ ᠶᠢᠨ ᠰᠦᠮ᠎ᠡ ᠪᠣᠯᠣᠨ᠎ᠠ᠃    ᠲᠠᠩᠭᠤᠳ ᠬᠠᠯᠬ᠎ᠠ ᠬᠤᠰᠢᠭᠤ ᠶᠢ ᠬᠠᠭᠤᠷᠮᠠᠭ ᠮᠠᠨᠵᠦ ᠶᠢᠨ ᠡᠩᠬᠡ ᠡᠷᠳᠡᠮᠲᠦ ᠶᠢᠨ ᠬᠤᠶᠠᠳᠤᠭᠠᠷ ᠤᠨ᠂ ᠥᠭᠡᠷ᠎ᠡ ᠪᠠᠷ ᠬᠡᠯᠡᠪᠡᠯ 1935 ᠤᠨ ᠳᠤ ᠬᠤᠰᠢᠭᠤᠨ ᠪᠠᠶᠢᠭᠤᠯᠤᠮᠵᠢ ᠶᠢ ᠨᠢ ᠥᠭᠡᠷᠡᠴᠢᠯᠡᠵᠦ ᠬᠦᠷᠢᠶ᠎ᠡ ᠬᠤᠰᠢᠭᠤ  ᠲᠠᠢ ᠨᠡᠶᠢᠯᠡᠭᠦᠯᠵᠠᠢ᠃ ᠬᠠᠮᠤᠭ ᠠᠩᠬᠠᠨ ᠤ ᠰᠦᠮ᠎ᠡ ᠶᠢ ᠬᠠᠷᠠᠴᠢᠨ ᠸᠠᠩ ᠪᠠᠶᠢᠭᠤᠯᠤᠭᠰᠠᠨ ᠭᠡᠳᠡᠭ᠃ ᠣᠳᠣ ᠶᠢᠨ ᠬᠦᠷᠢᠶ᠎ᠡ ᠬᠤᠰᠢᠭᠤᠨ ᠤ ᠣᠣᠯ ᠤᠨ ᠭᠡᠷᠡᠯ ᠤᠨ ᠰᠣᠮᠤᠨ ᠳᠤ ᠪᠠᠶᠢᠭ᠎ᠠ ᠰᠦᠮ᠎ᠡ ᠪᠣᠯ ᠬᠤᠵᠢᠮ ᠤᠨ ᠪᠠᠶᠢᠭᠤᠯᠤᠭᠰᠠᠨ ᠰᠦᠮ᠎ᠡ ᠶᠤᠮ᠃    ᠨᠠᠰᠤᠨ ᠤᠷᠳᠤᠳᠬᠠᠭᠴᠢ ᠬᠡᠶᠢᠳ ᠢ ᠪᠠᠰᠠ ᠮᠠᠶᠢᠳᠠᠷᠢ ᠭᠡᠭᠡᠨ ᠤ ᠰᠦᠮ᠎ᠡ ᠭᠡᠳᠡᠭ᠃ ᠣᠯᠠᠮᠵᠢᠯᠠᠯ ᠶᠠᠷᠢᠶ᠎ᠠ ᠪᠠᠷ᠂ ᠲᠠᠩᠭᠤᠳ ᠬᠠᠯᠬ᠎ᠠ ᠶᠢᠨ ᠲᠦᠷᠦᠭᠦᠦ ᠸᠠᠩ ᠨᠢ ᠮᠠᠰᠢ ᠳᠣᠭᠰᠢᠨ ᠵᠠᠩ ᠲᠠᠢ ᠭᠡᠨ᠎ᠡ᠃ ᠲᠡᠷᠡ ᠭᠡᠭᠡᠯ ᠲᠠᠢ ᠮᠤᠷᠢ᠂ ᠦᠨᠢᠶ᠎ᠡ᠂ ᠡᠯᠵᠢᠭᠡ ᠵᠡᠷᠭᠡ ᠶᠢ ᠭᠡᠳᠡᠰᠦ ᠶᠢ ᠨᠢ ᠬᠠᠭᠠᠯᠵᠦ ᠵᠣᠯᠵᠠᠭ᠎ᠠ ᠨᠢ ᠬᠠᠮᠢᠭᠠᠰᠢ ᠪᠠᠨ ᠬᠠᠨᠳᠣᠵᠣ ᠪᠠᠶᠢᠬᠤ᠂ ᠬᠡᠳᠦᠨ ᠰᠠᠷ᠎ᠠ ᠪᠣᠯᠪᠠᠯ ᠶᠠᠮᠠᠷ ᠪᠠᠶᠢᠳᠠᠯ ᠲᠠᠢ ᠪᠣᠯᠬᠤ ᠶᠢ ᠥᠵᠡᠳᠡᠭ ᠭᠡᠨ᠎ᠡ᠃ ᠬᠤᠵᠢᠮ ᠨᠢ ᠵᠢᠷᠮᠦᠰᠦᠨ ᠡᠮᠡᠭᠲᠠᠢ ᠶᠢᠨ ᠭᠡᠳᠡᠰᠦ ᠶᠢ ᠬᠠᠭᠠᠯᠬᠤ ᠶᠠᠪᠦᠳᠠᠯ ᠢ ᠴᠦ ᠤᠶᠢᠯᠡᠳᠴᠦ ᠭᠡᠨ᠎ᠡ᠃ ᠡᠨᠡ ᠨᠢ ᠲᠠᠩᠭᠤᠣᠳ ᠬᠠᠯᠬ᠎ᠠ ᠶᠢᠨ ᠠᠷᠠᠳ ᠲᠤ ᠲᠦᠢᠯ ᠤᠨ ᠭᠠᠰᠠᠯᠠᠩ ᠵᠤᠪᠠᠯᠠᠩ ᠢ ᠠᠪᠴᠢᠷᠠᠵᠠᠢ᠃ ᠬᠡᠬᠦ ᠳᠤ ᠲᠠᠩᠭᠤᠳ ᠬᠠᠯᠬ᠎ᠠ ᠶᠢᠨ ᠬᠢᠨ ᠭᠠᠭᠴᠠ ᠰᠢᠷ᠎ᠠ ᠶᠢᠨ ᠱᠠᠰᠢᠨ ᠤ ᠭᠡᠭᠡᠨ ᠬᠤᠪᠢᠯᠭᠠᠨ ᠰᠠᠶ᠋ᠢ ᠡᠨᠡᠬᠦ ᠳᠣᠭᠰᠢᠨ ᠸᠠᠩ ᠤᠨ ᠮᠠᠭᠤ ᠶᠢ ᠨᠢ ᠬᠠᠯᠠᠭᠤᠯᠵᠤ ᠰᠠᠶᠢᠨ ᠢ ᠦᠢᠯᠡᠳᠦᠭᠦᠯᠵᠦ ᠴᠢᠳᠠᠨ᠎ᠠ ᠭᠡᠵᠦ ᠦᠵᠡᠵᠦ ᠪᠠᠶᠢᠭᠰᠠᠨ ᠠᠴᠠ ᠳᠡᠲᠡ ᠬᠥᠬᠡᠬᠤᠲᠠᠨ ᠳᠤ ᠪᠠᠶᠢᠭᠰᠠᠨ ᠮᠠᠶᠢᠳᠠᠷᠢ ᠭᠡᠭᠡᠨ  ᠢ ᠲᠠᠩᠭᠤᠳ ᠬᠠᠯᠬ᠎ᠠ ᠳᠤ ᠵᠠᠯᠠᠨ ᠠᠪᠴᠢᠷᠠᠵᠦ ᠳᠠᠷᠤᠩᠭᠤᠶᠢᠯᠠᠨ ᠰᠠᠭᠤᠯᠭᠠᠭᠰᠠᠨ ᠭᠡᠨ᠎ᠡ᠂ ᠢᠩᠭᠢᠭᠡᠳ ᠲᠣᠰ ᠰᠦᠮ᠎ᠡ  ᠶᠢ ᠪᠠᠶᠢᠭᠤᠯᠣᠭᠰᠠᠨ ᠭᠡᠳᠡᠭ᠃    ᠣᠳᠣ ᠶᠢᠨ ᠭᠡᠷᠡᠯ ᠳᠤ ᠪᠠᠶᠢᠭ᠎ᠠ ᠨᠠᠰᠤᠨ ᠣᠷᠲᠣᠳᠬᠠᠭᠴᠢ ᠬᠡᠶᠢᠳ 1918 ᠤᠨ ᠳᠤ ᠡᠬᠢᠯᠡᠨ ᠪᠠᠶᠢᠭᠤᠯᠵᠤ 1922 ᠤᠨ ᠳᠤ ᠪᠠᠶᠢᠭᠤᠯᠵᠤ ᠲᠡᠭᠦᠰᠭᠡᠭᠰᠡᠨ ᠪᠠᠶᠢᠨ᠎ᠠ᠃ ᠬᠤᠵᠢᠮ ᠨᠢ ᠴᠤᠶᠢᠷ᠎ᠠ ᠷᠠᠰᠠᠩ ᠪᠠᠶᠢᠭᠤᠯᠵᠤ᠂ ᠲᠦᠷᠪᠡᠨ ᠶᠡᠭᠡ ᠷᠠᠰᠠᠩ ᠶᠢ ᠪᠦᠷᠢᠳᠭᠡᠵᠤ ᠪᠠᠶᠢᠭᠰᠠᠨ ᠠᠴᠠ ᠦᠪᠦᠷ ᠳᠦᠴᠢ ᠶᠢᠰᠤᠨ ᠬᠤᠰᠢᠭᠤᠨ ᠤ ᠯᠠᠮᠠ ᠨᠠᠷ ᠪᠦᠷ ᠠᠳᠡ ᠢᠷᠡᠵᠤ ᠰᠤᠷᠤᠯᠴᠠᠵᠤ ᠪᠠᠶᠢᠪᠠ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号