ᠪᠡᠯᠡᠭ ᠭᠦᠷᠬᠡᠭᠦ ᠶᠤᠰᠤ
ᠨᠡᠶᠢᠲᠡᠯᠡᠭᠰᠡᠨ ᠴᠠᠭ᠄
2024/11/14
  ᠮᠤᠩᠭᠤᠯᠴᠤᠳ ᠠᠵᠦ ᠠᠮᠢᠳᠤᠷᠠᠯ᠂ ᠨᠡᠶᠢᠬᠡᠮ ᠤᠨ ᠬᠠᠷᠢᠯᠴᠠᠭᠠᠨ ᠤ ᠲᠤᠮᠳᠠ ᠪᠠᠶᠠᠷ ᠲᠤᠷᠠᠰᠬᠠᠯ᠂ ᠬᠤᠷᠢᠮ ᠨᠠᠶᠢᠷ  ᠲᠤ ᠤᠷᠤᠯᠴᠠᠬᠤ᠂ ᠠᠶᠢᠯᠴᠢᠯᠠᠵᠦ ᠵᠤᠭᠠᠴᠠᠬᠤ ᠳᠠᠭᠠᠨ ᠪᠡᠯᠬᠡᠳᠡᠭᠦ᠂ ᠭᠦᠨᠳᠤᠳᠬᠡᠭᠦ᠂ ᠬᠠᠶᠢᠷᠠᠯᠠᠬᠤ ᠰᠡᠳᠬᠢᠯᠬᠡ ᠪᠠᠨ ᠢᠯᠡᠳᠬᠡᠵᠦ ᠶᠠᠮᠠᠷ ᠨᠢᠬᠡᠨ ᠶᠠᠭᠤᠮ᠎ᠠ ᠶᠢ ᠪᠡᠯᠡᠭ ᠪᠤᠯᠭᠠᠵᠦ ᠪᠠᠷᠢᠳᠠᠭ᠃ ︽ᠡᠯᠡᠰᠦ ᠮᠠᠩᠬᠠᠨ ᠤ ᠡᠬᠡ ᠨᠤᠳᠤᠭ︾ ᠤᠨ ᠡᠳᠦᠷ ᠤᠨ ᠲᠡᠮᠳᠡᠭᠯᠡᠯ ᠳᠤ ᠠᠶᠢᠯᠴᠢᠯᠠᠵᠦ ᠵᠤᠭᠠᠴᠠᠬᠤ᠂ ᠬᠤᠯᠠ ᠭᠠᠵᠠᠷ ᠠᠴᠠ ᠨᠤᠳᠤᠭ ᠢᠶᠠᠨ ᠡᠷᠬᠢᠨ ᠦᠵᠡᠭᠦ ᠦᠶᠡᠰ ᠦᠳᠡᠯᠤᠬᠡ ᠨᠠᠰᠤᠳᠠᠨ᠂ ᠡᠴᠢᠬᠡ ᠡᠬᠡ᠂ ᠠᠬ᠎ᠠ ᠲᠡᠭᠦᠦ᠂ ᠠᠨᠳᠠ ᠨᠠᠶᠢᠵᠠ᠂ ᠠᠴᠢᠳᠦ ᠪᠠᠭᠰᠢ ᠳᠠᠭᠠᠨ ᠪᠡᠯᠡᠭ ᠰᠠᠯᠳᠠ ᠲᠠᠢ ᠢᠷᠡᠭᠦ ᠲᠤᠬᠠᠢ ᠲᠡᠮᠳᠡᠭᠯᠡᠭᠰᠡᠨ ᠪᠠᠶᠢᠨ᠎ᠠ᠃ ᠲᠤᠯᠤᠭᠠᠨ ᠰᠠᠷ᠎ᠠ ᠶᠢᠨ ᠠᠷᠪᠠᠨ ᠨᠢᠬᠡᠨ ᠤ ᠡᠳᠦᠷ ᠤᠨ ᠲᠡᠮᠳᠡᠭᠯᠡᠯ ᠳᠤ ︽ᠮᠢᠨᠦ ᠪᠡᠶ᠎ᠡ ᠡᠨᠡ ᠵᠢᠯ ᠵᠢᠷᠠᠨ ᠨᠢᠬᠡᠨ ᠤ ᠵᠢᠯ ᠤᠷᠤᠬᠤ ᠠᠪᠠᠭ᠎ᠠ ᠮᠠᠮᠠ ᠶᠢᠨ ᠨᠠᠰᠤᠨ ᠤ ᠪᠠᠶᠠᠷ ᠲᠤᠷ ᠪᠡᠯᠡᠭ ᠪᠤᠯᠭᠠᠨ ᠡᠷᠭᠦᠭᠦ ᠪᠠᠷ ᠨᠢᠬᠡᠨ ᠰᠠᠶᠢᠬᠠᠨ ᠵᠢᠷᠤᠭᠳᠦ ᠮᠤᠳᠤᠨ ᠫᠢᠯᠡ ᠶᠢ ᠲᠠᠪᠤᠨ ᠲᠦᠭᠦᠷᠢᠭ ᠢᠶᠠᠷ ᠬᠤᠳᠠᠯᠳᠤᠨ ᠠᠪᠴᠦ᠂ ᠬᠡᠮᠬᠡᠷᠡᠰᠢ ᠦᠬᠡᠢ ᠪᠠᠷ ᠰᠠᠶᠢᠳᠦᠷ ᠪᠤᠭᠤᠯᠭᠠᠪᠠᠢ᠃ ᠨᠦᠭᠦᠷ ᠹᠦᠩ ᠠᠪᠤᠭᠠᠢ ᠮᠢᠨᠤ᠂ ᠪᠠᠰᠠ ᠨᠠᠰᠤᠳᠠᠢ ᠡᠬᠡ  ᠳᠡᠭᠡᠨ ᠬᠠᠷᠢ ᠶᠢᠨ ᠤᠷᠤᠨ ᠠᠴᠠ ᠬᠠᠷᠢᠭᠰᠠᠨ ᠪᠡᠯᠡᠭ ᠪᠤᠯᠭᠠᠨ ᠡᠷᠭᠦᠮᠤᠢ ᠬᠡᠮᠡᠨ ᠨᠢᠬᠡᠨ ᠰᠠᠶᠢᠬᠠᠨ ᠭᠦᠪᠦᠩᠳᠠᠢ ᠤᠯᠪᠤᠭ ᠬᠤᠳᠠᠯᠳᠤᠨ ᠠᠪᠤᠪᠠᠢ︾ ᠬᠡᠵᠦ ᠲᠡᠮᠳᠡᠭᠯᠡᠵᠦ᠂ ᠦᠳᠡᠯᠦᠬᠡ ᠨᠠᠰᠤᠳᠠᠨ ᠤ ᠨᠠᠰᠤᠨ ᠪᠠᠶᠠᠷ ᠤᠨ ᠨᠠᠶᠢᠷ ᠲᠤ ᠪᠠᠷᠢᠬᠤ ᠬᠡᠵᠦ ᠪᠡᠯᠡᠳᠬᠡᠭᠰᠡᠨ ᠪᠡᠯᠡᠭ ᠢᠶᠠᠨ ᠲᠤᠭᠠᠴᠢᠪᠠ᠃ ᠲᠤᠯᠤᠭᠠᠨ ᠰᠠᠷ᠎ᠠ ᠶᠢᠨ ᠬᠤᠷᠢᠨ ᠭᠤᠷᠪᠠᠨ ᠤ ᠡᠳᠦᠷ ᠤᠨ ᠲᠡᠮᠳᠡᠭᠯᠡᠯ ᠳᠤ ︽ᠲᠠᠠᠳᠠᠴᠠ ᠬᠡᠷ ᠲᠤᠷ ᠤᠷᠤᠵᠦ ᠢᠷᠡᠬᠡᠳ ᠡᠨᠡ ᠤᠳᠠᠭ᠎ᠠ ᠲᠤᠤᠺᠢᠤ᠋ ᠬᠤᠳᠠᠨ ᠠᠴᠠ ᠲᠤᠰᠬᠠᠶᠢᠯᠠᠨ ᠠᠪᠴᠦ ᠢᠷᠡᠭᠰᠡᠨ ᠶᠡᠭᠡ ᠠᠪᠠᠭ᠎ᠠ ᠶᠢᠨ ᠵᠢᠷᠠᠨ ᠨᠢᠬᠡᠨ ᠨᠠᠰᠤᠨ ᠰᠡᠭᠦᠳᠡᠷ ᠲᠠᠢ ᠪᠤᠯᠤᠭᠰᠠᠨ ᠨᠠᠰᠤᠨ ᠤ ᠪᠠᠶᠠᠷ ᠤᠨ ᠪᠡᠯᠡᠭ ᠢᠶᠠᠨ ᠬᠤᠶᠠᠷ ᠭᠠᠷ ᠢᠶᠠᠷ ᠢᠶᠠᠨ ᠡᠷᠭᠦᠭᠦᠶ᠎ᠡ︾ ᠬᠡᠵᠦ ᠲᠡᠮᠳᠡᠭᠯᠡᠨ ᠶᠡᠭᠡ ᠠᠪᠠᠭ᠎ᠠ ᠳᠠᠭᠠᠨ ᠪᠡᠯᠡᠭ ᠢᠶᠠᠨ ᠬᠤᠶᠠᠷ ᠭᠠᠷ ᠢᠶᠠᠷ ᠢᠶᠠᠨ ᠡᠷᠭᠦᠨ ᠶᠤᠰᠤᠴᠢᠯᠠᠨ ᠪᠠᠷᠢᠭᠰᠠᠨ ᠢᠶᠠᠨ ᠲᠤᠳᠤᠷᠬᠠᠶᠢᠯᠠᠭᠰᠠᠨ ᠪᠠᠶᠢᠨ᠎ᠠ᠃ ᠨᠠᠢᠮᠠᠨ ᠰᠠᠷ᠎ᠠ ᠶᠢᠨ ᠬᠤᠷᠢᠨ ᠲᠠᠪᠤᠨ ᠤ ᠡᠳᠦᠷ ᠤᠨ ᠲᠡᠮᠳᠡᠭᠯᠡᠯ ᠳᠤ ︽ᠲᠠᠠᠳᠠᠴᠠ ᠪᠠᠷ ᠠᠪᠤᠭᠠᠢ ᠶᠢᠨ ᠬᠡᠷ ᠲᠤᠷ ᠤᠷᠤᠵᠦ ᠡᠨᠡ ᠤᠳᠠᠭ᠎ᠠ ᠡᠬᠡ ᠰᠤᠷᠭᠠᠭᠤᠯᠢ ᠶᠢᠨ ᠤᠯᠠᠨ ᠪᠠᠭᠰᠢ ᠨᠠᠷ ᠲᠤᠷ ᠠᠪᠴᠦ ᠢᠷᠡᠭᠰᠡᠨ ᠲᠡᠬᠡᠳᠦ ᠡᠪᠦᠭᠡ ᠴᠢᠩᠬᠢᠰ ᠬᠠᠭᠠᠨ ᠤ ᠲᠦᠷᠢᠳᠦ ᠲᠡᠮᠳᠡᠭ ᠢᠶᠠᠨ ᠤᠯᠠᠨ ᠪᠠᠭᠰᠢ ᠨᠠᠷ ᠲᠤᠷ ᠭᠦᠮᠦᠨ ᠪᠦᠷᠢ ᠨᠢᠵᠡᠬᠡᠳ ᠪᠡᠯᠡᠭᠯᠡᠨ ᠦᠭᠴᠦ᠂ ᠪᠠᠰᠠ ᠪᠤᠶᠠᠠᠬᠡᠰᠢᠭ ᠨᠦᠭᠦᠷ ᠤᠨ ᠨᠠᠳᠦᠷ ᠵᠢᠷᠤᠵᠦ ᠦᠭᠭᠦᠭᠰᠡᠨ ᠴᠡᠷᠢᠭ ᠤᠨ ᠭᠦᠮᠦᠨ ᠤ ᠲᠦᠷᠰᠦ ᠪᠠᠷ ᠡᠪᠬᠡᠭᠰᠡᠨ ᠮᠤᠩᠭᠤᠯ  ᠢᠶᠠᠨ ᠮᠠᠨᠳᠤᠭᠤᠯᠬᠤ ᠰᠢᠨ᠎ᠡ ᠵᠠᠯᠠᠭᠤᠰ ᠬᠡᠮᠡᠭᠦ ᠮᠤᠩᠭᠤᠯ ᠦᠰᠦᠭ ᠤᠨ ᠵᠢᠷᠤᠭ ᠢ ᠡᠬᠡ ᠰᠤᠷᠭᠠᠭᠤᠯᠢ ᠳᠤ ᠲᠤᠷᠠᠰᠬᠠᠯ ᠪᠤᠯᠭᠠᠨ ᠡᠯᠭᠦᠭᠦ ᠪᠠᠷ ᠪᠡᠯᠡᠭᠯᠡᠨ ᠦᠭᠪᠠᠢ︾ ᠬᠡᠵᠦ ᠦᠪᠡᠷ ᠤᠨ ᠠᠴᠢᠳᠦ ᠪᠠᠭᠰᠢ᠂ ᠡᠬᠡ ᠰᠤᠷᠭᠠᠭᠤᠯᠢ ᠳᠠᠭᠠᠨ ᠨᠠᠠᠳᠢᠨ ᠪᠡᠯᠡᠭ ᠲᠠᠢ ᠢᠷᠡᠭᠰᠡᠨ ᠢᠶᠠᠨ ᠲᠡᠮᠳᠡᠭᠯᠡᠭᠰᠡᠨ ᠪᠠᠶᠢᠨ᠎ᠠ᠃ ︽ᠮᠤᠩᠭᠤᠯ ᠭᠦᠮᠦᠨ ᠪᠡᠯᠬᠡ ᠪᠠᠷ᠂ ᠮᠠᠶᠢᠮᠠᠶᠢᠴᠢᠨ ᠭᠦᠮᠦᠨ ᠪᠡᠨ᠎ᠡ ᠪᠠᠷ︾ ᠬᠡᠳᠡᠭᠴᠢᠯᠡᠨ ᠮᠤᠩᠭᠤᠯᠴᠤᠳ ᠠᠶᠢᠯᠴᠢᠯᠠᠵᠦ ᠵᠤᠭᠠᠴᠠᠬᠤ ᠳᠠᠭᠠᠨ ᠠᠬᠠᠮᠠᠳ ᠲᠤᠮᠤᠭᠠᠳᠠᠨ᠂ ᠠᠨᠳᠠ ᠨᠠᠶᠢᠵᠠ᠂ ᠠᠶᠢᠯ ᠤᠨ ᠬᠡᠤᠬᠡᠳ ᠲᠤ ᠭᠠᠷ ᠪᠡᠯᠡᠭ ᠲᠠᠢ ᠤᠴᠢᠳᠠᠭ᠃ ᠲᠤᠯᠤᠭᠠᠨ ᠰᠠᠷ᠎ᠠ ᠶᠢᠨ ᠬᠤᠷᠢᠨ ᠨᠠᠢᠮᠠᠨ  ᠤ ᠡᠳᠦᠷ ᠤᠨ ᠲᠡᠮᠳᠡᠭᠯᠡᠯ ᠳᠤ ︽ᠵᠤᠴᠢᠨ ᠭᠦᠮᠦᠨ ᠤ ᠠᠪᠴᠦ ᠢᠷᠡᠭᠦ ᠪᠡᠯᠡᠭ ᠢᠨᠦ ᠲᠡᠷᠡ ᠠᠶᠢᠯ ᠤᠨ ᠬᠡᠤᠬᠡᠳ ᠲᠡᠭᠦᠦ ᠨᠠᠷ ᠲᠤᠷ ᠪᠤᠯᠪᠠᠰᠦ ᠪᠤᠭᠤᠷᠰᠤᠭ ᠲᠦᠬᠡᠬᠡᠨ ᠦᠭᠭᠦ ᠪᠦᠬᠡᠳ ᠲᠤᠮᠤᠭᠠᠳᠠᠨ ᠨᠠᠷ ᠲᠤᠷ ᠪᠤᠯᠪᠠᠰᠤ ᠠᠷᠢᠬᠢ ᠪᠠᠷᠢᠵᠦ ᠬᠠᠳᠠᠭ ᠪᠡᠯᠡᠭᠯᠡᠭᠦ ᠪᠦᠯᠦᠬᠡ︾ ᠬᠡᠵᠦ ᠬᠡᠤᠬᠡᠳ᠂ ᠲᠤᠮᠤᠭᠠᠳᠠᠨ ᠳᠤ ᠪᠡᠯᠡᠭᠯᠡᠭᠦ ᠪᠡᠯᠡᠭ ᠤᠨ ᠵᠤᠶᠢᠯᠡᠰ ᠢ ᠲᠡᠮᠳᠡᠭᠯᠡᠪᠡ᠃ ᠪᠡᠯᠡᠭ ᠲᠤᠷᠠᠰᠬᠠᠯ ᠤᠨ ᠵᠦᠢᠯ ᠨᠢ ᠪᠡᠯᠡᠭ ᠭᠦᠯᠢᠶᠡᠭᠦ ᠭᠦᠮᠦᠨ ᠬᠢᠬᠡᠳ ᠪᠠᠶᠠᠷ ᠲᠤᠷᠠᠰᠬᠠᠯ ᠤᠨ ᠡᠳᠦᠷ  ᠤᠨ ᠠᠳᠠᠯᠢ ᠪᠤᠰᠤ ᠠᠴᠠ ᠪᠤᠯᠵᠦ ᠠᠳᠠᠯᠢ ᠪᠤᠰᠤ ᠪᠠᠶᠢᠳᠠᠭ᠃     ᠰᠠᠶᠢᠴᠤᠩᠭ᠎ᠠ ᠪᠠᠷ ᠦᠨᠳᠦᠰᠦᠳᠠᠨ ᠤ ᠪᠠᠨ ᠤᠯᠠᠮᠵᠢᠯᠠᠯᠳᠦ ᠵᠠᠩ ᠦᠢᠯᠡ ᠶᠢ ᠶᠤᠰᠤᠴᠢᠯᠠᠨ ᠵᠢᠷᠤᠮᠯᠠᠵᠦ᠂ ︽ᠡᠯᠡᠰᠦ ᠮᠠᠩᠬᠠᠨ ᠤ ᠡᠬᠡ ᠨᠤᠳᠤᠭ︾ ᠲᠠᠭᠠᠨ ᠰᠡᠳᠬᠢᠯ ᠪᠠᠭ᠋ᠠᠳᠤᠨ ᠲᠡᠮᠳᠡᠭᠯᠡᠭᠰᠡᠨ ᠪᠠᠶᠢᠨ᠎ᠠ᠃ ᠡᠳᠡᠬᠡᠷ ᠲᠡᠮᠳᠡᠭᠯᠡᠯ ᠨᠢ ᠲᠦᠷᠦᠭᠦᠦ ᠵᠠᠭᠤᠨ ᠤ ᠲᠦᠴᠢᠬᠡᠳ ᠤᠨ ᠤ ᠦᠶ᠎ᠡ ᠶᠢᠨ ᠴᠠᠬᠠᠷ ᠮᠤᠩᠭᠤᠯ ᠤᠨ ᠨᠡᠶᠢᠬᠡᠮ ᠤᠨ ᠬᠠᠷᠢᠯᠴᠠᠭᠠᠨ ᠤ ᠵᠠᠩ ᠦᠢᠯᠡ ᠶᠢᠨ ᠨᠠᠨᠳᠢᠨ ᠮᠠᠲ᠋ᠧᠷᠢᠶᠠᠯ ᠪᠤᠯᠤᠨ᠎ᠠ᠃ ᠡᠭᠦᠨ ᠢᠶᠠᠷ ᠪᠠᠷᠠᠬᠤ ᠦᠬᠡᠢ᠂ ᠰᠠᠶᠢᠴᠤᠩᠭ᠎ᠠ ᠦᠨᠳᠦᠰᠦᠳᠠᠨ ᠤ ᠪᠠᠨ ᠤᠯᠠᠮᠵᠢᠯᠠᠯᠳᠦ ᠰᠤᠷᠳᠠᠯ ᠶᠤᠰᠤᠨ ᠢᠶᠠᠨ ᠪᠠᠳᠤᠯᠠᠨ ᠰᠠᠬᠢᠵᠦ᠂ ᠤᠯᠠᠮ ᠪᠠᠳᠠᠷᠠᠭᠤᠯᠤᠨ ᠭᠦᠭᠵᠢᠭᠦᠯᠵᠦ᠂ ᠮᠠᠭᠤ ᠮᠠᠭᠤᠬᠠᠢ ᠨᠠᠵᠠᠭᠠᠢ ᠬᠤᠶᠢᠷᠭᠤ ᠲᠠᠳᠬᠠᠯ ᠢ ᠬᠠᠯᠠᠨ ᠰᠠᠶᠢᠵᠢᠷᠠᠭᠤᠯᠬᠤ ᠬᠡᠷᠡᠭᠳᠡᠢ ᠬᠡᠵᠦ ᠰᠠᠨᠠᠭᠠᠴᠢᠯᠠᠨ ᠤᠷᠢᠶᠠᠯᠠᠭᠰᠠᠨ ᠪᠠᠶᠢᠨ᠎ᠠ᠃
 
ᠢᠷᠡᠯᠲᠡ᠄ ᠮᠤᠩᠭᠤᠯᠴᠤᠳ ᠤᠨ ᠠᠨᠳᠠᠢ ᠬᠢᠬᠡᠳ ᠰᠤᠶᠤᠯ ᠤᠨ ᠤᠯᠠᠨ ᠡᠰᠢᠳᠦ ᠰᠤᠳᠤᠯᠤᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号