ᠰᠤᠯᠢᠶ᠎ᠡ ᠤᠷᠤᠭ ᠪᠤᠯ ᠡᠷᠳᠡᠨ ᠤ ᠤᠪᠤᠭ ᠤᠨ ᠭᠠᠳᠠᠨ᠎ᠠ ᠤᠷᠤᠭᠯᠠᠬᠤ ᠶᠤᠰᠤᠨ ᠠᠴᠠ ᠤᠯᠠᠮᠵᠢᠯᠠᠯ ᠲᠠᠢ ᠨᠢᠬᠡᠨ | ᠵᠦᠢᠯ ᠤᠨ ᠤᠷᠤᠭ ᠤᠨ ᠬᠡᠯᠪᠡᠷᠢ ᠪᠤᠯᠤᠨ᠎ᠠ᠃ ᠰᠤᠯᠢᠶ᠎ᠡ ᠤᠷᠤᠭ ᠬᠡᠳᠡᠭ ᠪᠤᠯ ᠨᠢᠬᠡ ᠠᠶᠢᠯ ᠤᠨ ᠬᠡᠤᠬᠡᠨ ᠢᠶᠠᠨ | ᠨᠦᠭᠦᠬᠡ ᠠᠶᠢᠯ ᠤᠨ ᠭᠦᠦ ᠳᠤ ᠪᠡᠷᠢ ᠪᠤᠯᠭᠠᠨ ᠦᠭᠭᠦ ᠶᠢᠨ ᠬᠠᠮᠳᠦ᠂ ᠲᠡᠷᠡ ᠠᠶᠢᠯ ᠤᠨ ᠬᠡᠤᠬᠡᠨ ᠢ ᠨᠢ ᠦᠪᠡᠷ ᠤᠨ | ᠭᠦᠦ ᠳᠡᠭᠡᠨ ᠪᠡᠷᠢ ᠪᠤᠯᠭᠠᠨ ᠠᠪᠬᠤ ᠤᠷᠤᠭ ᠤᠨ ᠬᠡᠯᠪᠡᠷᠢ ᠶᠤᠮ᠃ ᠰᠤᠯᠢᠶ᠎ᠡ ᠤᠷᠤᠭ ᠢᠶᠠᠷ ᠲᠠᠮᠵᠢᠨ ᠬᠤᠶᠠᠷ ᠤᠪᠤᠭ | ᠲᠦᠷᠦᠯ ᠨᠢ ᠬᠤᠯᠪᠤᠭᠠᠨ ᠤ ᠤᠪᠤᠭ ᠲᠦᠷᠦᠯ ᠪᠤᠯᠵᠦ᠂ ᠤᠯᠤᠰ ᠲᠦᠷᠦ᠂ ᠠᠵᠦ ᠠᠬᠤᠢ ᠶᠢᠨ ᠲᠠᠯ᠎ᠠ ᠪᠠᠷ ᠭᠦᠴᠦᠨ | ᠬᠤᠯᠪᠤᠭᠠᠯᠠᠨ᠂ ᠦᠪᠡᠷ ᠤᠨ ᠠᠰᠢᠭ ᠲᠤᠰᠠ ᠳᠠᠭᠠᠨ ᠦᠢᠯᠡᠴᠢᠯᠡᠵᠦ ᠪᠠᠶᠢᠪᠠ᠃ ᠡᠷᠳᠡᠨ ᠤ ᠮᠤᠩᠭᠤᠯᠴᠤᠳ ᠤᠪᠤᠭ | ᠤᠨ ᠭᠠᠳᠠᠨ᠎ᠠ ᠤᠷᠤᠭᠯᠠᠬᠤ ᠶᠤᠰᠤᠨ ᠲᠠᠢ ᠪᠠᠶᠢᠵᠦ᠂ ᠬᠤᠶᠠᠷ ᠤᠪᠤᠭ ᠲᠦᠷᠦᠯ ᠤᠨ ᠡᠷᠡᠭᠳᠡᠶᠢᠴᠤᠳ ᠦᠬᠢᠳ ᠢᠶᠠᠷ | ᠠᠷᠠᠯᠵᠢᠵᠦ᠂ ᠠᠨᠳᠠᠯᠠᠵᠦ᠂ ᠰᠤᠯᠢᠵᠦ ᠤᠷᠤᠭᠯᠠᠵᠦ ᠪᠠᠶᠢᠵᠠᠢ᠃ ︽ᠮᠤᠩᠭᠤᠯ ᠤᠨ ᠨᠢᠭᠤᠴᠠ ᠲᠤᠪᠴᠢᠶᠠᠨ︾ ᠳᠤ | ᠲᠡᠮᠳᠡᠭᠯᠡᠭᠰᠡᠨ ᠢᠶᠠᠷ᠂ ᠸᠠᠩ ᠬᠠᠨ ᠬᠢᠬᠡᠳ ᠴᠢᠩᠬᠢᠰ ᠬᠠᠭᠠᠨ᠂ ᠡᠴᠢᠬᠡ ᠭᠦᠦ ᠬᠡᠮᠡᠯᠳᠤᠵᠦ᠂ ︽ᠠᠮᠠᠷᠠᠭ ᠲᠡᠬᠡᠷ᠎ᠡ | ᠲᠠᠪᠬᠤᠷ ᠠᠮᠠᠷᠠᠭ ᠪᠤᠯᠤᠶ᠎ᠠ ᠬᠡᠮᠡᠨ ᠴᠢᠩᠬᠢᠰ ᠬᠠᠭᠠᠨ ᠰᠡᠳᠬᠢᠵᠦ᠂ ᠵᠦᠴᠢ ᠳᠤ ᠰᠡᠩᠭᠦᠮ ᠤᠨ ᠲᠦᠢ ᠴᠠᠭᠤᠷ ᠪᠠᠬᠢ | ᠶᠢ ᠭᠤᠶᠤᠷᠤᠨ᠂ ᠰᠡᠩᠭᠦᠮ ᠤᠨ ᠭᠦᠪᠡᠭᠦᠨ ᠲᠤᠰᠬᠠ ᠳᠤ ᠪᠢᠳᠠᠨ ᠤ ᠬᠤᠵᠢᠨ ᠪᠠᠬᠢ ᠶᠢ ᠠᠷᠠᠯᠵᠢᠨ ᠦᠭᠭᠦᠶ᠎ᠡ ᠬᠡᠮᠡᠨ | ᠭᠤᠶᠤᠪᠠᠰᠦ︾ ᠬᠡᠵᠦ ᠪᠤᠢ᠃ ᠠᠷᠠᠯᠵᠢᠨ ᠬᠡᠳᠡᠭ ᠦᠬᠡ ᠪᠤᠯ ᠰᠤᠯᠢᠯᠴᠠᠬᠤ ᠬᠡᠰᠡᠨ ᠤᠳᠬ᠎ᠠ ᠲᠠᠢ᠃ ᠴᠢᠩᠬᠢᠰ | ᠬᠠᠭᠠᠨ᠂ ᠬᠡᠷᠡᠶᠢᠳ ᠤᠨ ᠸᠠᠩ ᠬᠠᠨ ᠲᠠᠢ ᠰᠤᠯᠢᠶ᠎ᠡ ᠤᠷᠤᠭ ᠬᠢᠭᠦ ᠬᠡᠰᠡᠨ ᠶᠤᠰᠤ ᠨᠢ ᠪᠤᠯ ᠴᠢᠩᠬᠢᠰ ᠬᠠᠭᠠᠨ ᠤ | ᠡᠴᠢᠬᠡ ᠶᠢᠰᠦᠬᠡᠢ ᠪᠠᠭᠠᠳᠤᠷ ᠬᠡᠷᠡᠶᠢᠳ ᠤᠨ ᠸᠠᠩ ᠬᠠᠨ ᠲᠠᠢ ᠠᠨᠳᠠ ᠬᠡᠮᠡᠯᠳᠦᠭᠰᠡᠨ ᠲᠡᠤᠬᠡ ᠲᠠᠢ᠃ ᠴᠢᠩᠬᠢᠰ ᠬᠠᠭᠠᠨ | ᠬᠡᠷᠡᠶᠢᠳ ᠤᠨ ᠸᠠᠩ ᠬᠠᠨ ᠳᠤ᠂ ᠡᠴᠢᠬᠡ ᠯᠦᠭᠡ ᠠᠨᠳᠠ ᠬᠡᠮᠡᠯᠳᠦᠭᠰᠡᠨ ᠡᠴᠢᠬᠡ ᠮᠠᠳᠦ ᠪᠤᠢ ᠶᠠ ᠬᠡᠮᠡᠵᠦ᠂ ᠬᠡᠷᠬᠡᠢ | ᠪᠠᠭᠤᠯᠭᠠᠵᠦ ᠬᠠᠷ᠎ᠠ ᠪᠤᠯᠠᠭᠠᠨ ᠲᠠᠬᠤ ᠶᠢᠨ ᠡᠮᠦᠰᠬᠡᠯ ᠠᠪᠴᠢᠷᠠᠵᠦ ᠦᠭᠪᠡ᠃ ᠸᠠᠩ ᠬᠠᠨ ᠬᠠᠷ᠎ᠠ ᠪᠤᠯᠠᠭᠠᠨ ᠲᠠᠬᠤ | ᠶᠢᠨ ᠬᠠᠷᠢᠭᠤ᠂ ᠬᠠᠭᠠᠴᠠᠭᠰᠠᠨ ᠤᠯᠤᠰ ᠢ ᠴᠢᠨᠢ ᠬᠠᠮᠳᠤᠳᠬᠠᠵᠦ ᠦᠭᠰᠦ ᠬᠡᠮᠡᠵᠡᠢ᠃ ᠴᠢᠩᠬᠢᠰ ᠬᠠᠭᠠᠨ ᠸᠠᠩ ᠬᠠᠨ | ᠲᠠᠢ ᠠᠨᠳᠠ ᠨᠦᠭᠦᠷᠯᠡᠯ ᠢᠶᠠᠨ ᠤᠯᠠᠮ ᠪᠠᠳᠤᠳᠬᠠᠵᠦ᠂ ᠴᠢᠨᠠᠭᠰᠢᠳᠠ ᠬᠡᠷᠡᠶᠢᠳ ᠠᠶᠢᠮᠠᠭ ᠤᠨ ᠬᠠᠪᠰᠤᠷᠤᠯᠭ᠎ᠠ | ᠲᠡᠮᠵᠢᠯᠬᠡ ᠶᠢ ᠤᠯᠬᠤ ᠪᠠᠷ ᠠᠮᠠᠷᠠᠭ ᠲᠡᠬᠡᠷ᠎ᠡ ᠲᠠᠪᠬᠤᠷ ᠠᠮᠠᠷᠠᠭ ᠪᠤᠯᠤᠶ᠎ᠠ ᠬᠡᠮᠡᠨ ᠸᠠᠩ ᠬᠠᠨ ᠲᠠᠢ ᠰᠤᠯᠢᠶ᠎ᠡ ᠤᠷᠤᠭ | ᠬᠢᠭᠦ ᠪᠠᠷ ᠭᠤᠶᠤᠭᠰᠠᠨ ᠶᠤᠮ᠃ ᠤᠴᠢᠷ ᠨᠢ ᠪᠦᠭᠦ ᠮᠤᠩᠭᠤᠯ ᠢ ᠨᠢᠬᠡᠳᠬᠡᠭᠦ ᠬᠠᠳᠠᠭᠤ ᠪᠡᠷᠬᠡᠰᠢᠶᠡᠯᠳᠦ ᠴᠠᠭ ᠲᠤ᠂ | ᠢᠳᠡᠬᠡᠮᠵᠢ ᠲᠠᠢ ᠤᠪᠤᠭ ᠠᠶᠢᠮᠠᠭ ᠲᠠᠢ ᠭᠦᠴᠦᠨ ᠬᠤᠯᠪᠤᠭᠠᠯᠠᠬᠤ ᠨᠢ ᠵᠠᠩᠬᠢᠯᠠᠭ᠎ᠠ ᠶᠢᠨ ᠠᠰᠠᠭᠤᠳᠠᠯ ᠪᠤᠯᠤᠨ᠎ᠠ᠃ | ᠡᠶᠢᠨ ᠭᠦ ᠲᠡᠬᠡᠳᠦ ᠲᠠᠪᠬᠤᠷᠭᠠᠳᠠᠨ ᠤ ᠭᠦᠮᠦᠰ ᠤᠨ ᠰᠤᠯᠢᠶ᠎ᠡ ᠤᠷᠤᠭ ᠨᠢ ᠲᠠᠳᠠᠨᠤᠰ ᠤᠨ ᠨᠠᠶᠢᠷᠰᠠᠭ ᠰᠠᠶᠢᠬᠠᠨ | ᠨᠦᠭᠦᠷᠯᠡᠯ ᠢᠶᠠᠨ ᠤᠯᠠᠮ ᠪᠠᠳᠤᠳᠬᠠᠵᠦ᠂ ᠡᠭᠦᠨ ᠤ ᠤᠯᠠᠮ ᠢᠶᠠᠷ ᠬᠠᠷᠢᠯᠴᠠᠨ ᠠᠰᠢᠭᠯᠠᠬᠤ ᠬᠡᠰᠡᠨ ᠤᠯᠤᠰ ᠲᠦᠷᠦ | ᠶᠢᠨ ᠵᠤᠷᠢᠯᠭ᠎ᠠ ᠠᠴᠠ ᠪᠤᠯᠤᠭᠰᠠᠨ ᠠᠵᠢ᠃ | ᠡᠭᠦᠨ ᠤ ᠬᠠᠮᠳᠦ᠂ ᠡᠩ ᠤᠨ ᠠᠷᠠᠳ ᠤᠨ ᠲᠤᠮᠳᠠᠬᠢ ᠰᠤᠯᠢᠶ᠎ᠡ ᠤᠷᠤᠭ ᠨᠢ ᠬᠤᠶᠠᠷ ᠲᠠᠯ᠎ᠠ ᠶᠢᠨ ᠬᠢᠨᠢ | ᠬᠠᠷᠢᠯᠴᠠᠨ ᠰᠦᠢ ᠪᠡᠯᠡᠭ ᠲᠦᠯᠦᠭᠦ ᠦᠬᠡᠢ ᠶᠠᠳᠠᠭᠤᠯᠢᠭ ᠬᠡᠷ ᠡᠷᠦᠬᠡ ᠶᠢᠨ ᠬᠤᠭᠤᠷᠤᠨᠳᠦ ᠶᠠᠪᠤᠭᠳᠠᠳᠠᠭ᠃ | ᠰᠤᠯᠢᠶ᠎ᠡ ᠤᠷᠤᠭ ᠤᠨ ᠲᠤᠰ ᠪᠡᠶ᠎ᠡ ᠶᠢᠨ ᠦᠪᠡᠷᠮᠢᠴᠡ ᠤᠨᠴᠠᠯᠢᠭ ᠠᠴᠠ ᠪᠤᠯᠵᠦ᠂ ᠤᠷᠴᠢᠨ ᠦᠶ᠎ᠡ ᠶᠢᠨ | ᠮᠤᠩᠭᠤᠯᠴᠤᠳ ᠤᠨ ᠲᠤᠮᠳᠠ ᠤᠯᠠᠮᠵᠢᠯᠠᠭᠳᠠᠭᠰᠠᠭᠠᠷ ᠢᠷᠡᠵᠠᠢ᠃ ᠬᠠᠷᠢᠯᠴᠠᠨ ᠰᠠᠶᠢᠨ ᠲᠠᠨᠢᠯ᠂ ᠭᠦᠷᠰᠢ ᠵᠡᠷᠬᠡᠯᠡᠳᠡᠭᠡ | ᠨᠤᠳᠤᠭᠯᠠᠵᠦ ᠨᠠᠶᠢᠷᠳᠠᠢ ᠬᠠᠷᠢᠯᠴᠠᠭᠰᠠᠨ ᠬᠤᠶᠠᠷ ᠠᠶᠢᠯ ᠤᠨ ᠬᠢᠨ ᠨᠠᠰᠦ ᠰᠠᠴᠠᠭᠤ ᠭᠦᠦ ᠬᠡᠤᠬᠡᠨ ᠪᠠᠶᠢᠪᠠᠯ᠂ ᠬᠤᠶᠠᠷ | ᠬᠡᠷ ᠤᠨ ᠡᠴᠢᠬᠡ ᠡᠬᠡ ᠨᠢ ᠨᠦᠭᠦᠷᠯᠡᠯ ᠢᠶᠠᠨ ᠤᠯᠠᠮ ᠪᠠᠳᠤᠳᠬᠠᠬᠤ ᠶᠢᠨ ᠲᠦᠯᠦᠬᠡ ᠰᠤᠯᠢᠶ᠎ᠡ ᠤᠷᠤᠭ ᠬᠢᠳᠡᠭ᠃ ︽ | ᠬᠤᠯᠠ ᠭᠠᠵᠠᠷ ᠢ ᠤᠶᠢᠷᠠᠳᠤᠭᠤᠯᠳᠠᠭ ᠮᠤᠷᠢ ᠡᠷᠳᠡᠨᠢ᠂ ᠬᠤᠶᠠᠷ ᠠᠶᠢᠯ ᠢ ᠤᠶᠢᠷᠠᠳᠤᠭᠤᠯᠳᠠᠭ ᠬᠡᠤᠬᠡᠨ ᠡᠷᠳᠡᠨᠢ︾ | ᠬᠡᠳᠡᠭ ᠢᠶᠠᠷ ᠰᠤᠯᠢᠶ᠎ᠡ ᠤᠷᠤᠭ ᠨᠢ ᠬᠤᠶᠠᠷ ᠠᠶᠢᠯ ᠡᠷᠦᠬᠡ ᠶᠢ ᠤᠯᠠᠮ ᠨᠢᠭᠳᠠᠷᠠᠭᠤᠯᠤᠨ ᠤᠶᠢᠷᠠᠳᠤᠭᠤᠯᠳᠠᠭ᠃ | ᠡᠰᠡᠭᠦᠯ᠎ᠡ ᠶᠠᠳᠠᠭᠤ ᠵᠦᠳᠡᠭᠦᠦ ᠠᠶᠢᠯ ᠡᠷᠦᠬᠡ ᠭᠦᠦ ᠳᠡᠭᠡᠨ ᠪᠡᠷᠢ ᠠᠪᠴᠦ ᠲᠠᠶᠢᠯᠭᠦ ᠦᠬᠡᠢ ᠪᠠᠶᠢᠪᠠᠯ᠂ ᠦᠪᠡᠷ ᠤᠨ | ᠬᠡᠤᠬᠡᠨ ᠢᠶᠠᠨ ᠨᠦᠭᠦᠬᠡ ᠠᠶᠢᠯ ᠤᠨ ᠭᠦᠦ ᠳᠤ ᠬᠡᠷᠡᠯᠭᠦᠯᠵᠦ᠂ ᠲᠡᠷᠡ ᠠᠶᠢᠯ ᠤᠨ ᠬᠡᠤᠬᠡᠨ ᠢ ᠦᠪᠡᠷ ᠤᠨ ᠭᠦᠦ | ᠳᠡᠭᠡᠨ ᠪᠡᠷᠢ ᠪᠤᠯᠭᠠᠨ ᠠᠪᠳᠠᠭ ᠪᠠᠶᠢᠵᠠᠢ᠃ ᠡᠨᠡ ᠨᠢ ᠬᠤᠶᠠᠷ ᠠᠶᠢᠯ ᠤᠨ ᠠᠵᠦ ᠠᠬᠤᠢ ᠶᠢᠨ ᠨᠦᠭᠦᠴᠡᠯ ᠰᠢᠯᠳᠠᠭᠠᠨ | ᠠᠴᠠ ᠪᠤᠯᠤᠭᠰᠠᠨ ᠶᠤᠮ᠃ ᠪᠠᠰᠠ ᠨᠢᠬᠡ ᠵᠦᠢᠯ ᠬᠡᠪᠡᠯ ᠶᠠᠮᠠᠷ ᠨᠢᠬᠡᠨ ᠠᠶᠢᠯ ᠬᠡᠷ ᠤᠨ ᠨᠠᠰᠦ ᠭᠦᠢᠴᠡᠭᠰᠡᠨ ᠭᠦᠦ ᠳᠤ | ᠪᠡᠷᠢ ᠭᠤᠶᠦᠵᠦ ᠲᠤᠬᠢᠷᠠᠬᠤ ᠦᠬᠡᠢ ᠪᠠᠶᠢᠪᠠᠯ᠂ ᠦᠬᠢᠨ ᠢᠶᠠᠨ ᠲᠡᠷᠡ ᠠᠶᠢᠯ ᠤᠨ ᠭᠦᠦ ᠳᠤ ᠦᠭᠴᠦ᠂ ᠦᠬᠢᠨ ᠢ ᠨᠢ | ᠭᠦᠦ ᠳᠡᠭᠡᠨ ᠪᠡᠷᠢ ᠪᠤᠯᠭᠠᠨ ᠪᠠᠭᠤᠯᠭᠠᠵᠦ ᠰᠤᠯᠢᠶ᠎ᠡ ᠤᠷᠤᠭ ᠬᠢᠳᠡᠭ᠃ ᠰᠤᠯᠢᠶ᠎ᠡ ᠤᠷᠤᠭ ᠨᠢ ᠶᠠᠳᠠᠭᠤ ᠵᠦᠳᠡᠭᠦᠦ | ᠠᠶᠢᠯ ᠪᠤᠶᠦ ᠪᠡᠷᠢ ᠭᠤᠶᠤᠵᠦ ᠲᠤᠬᠢᠷᠠᠬᠤ ᠦᠬᠡᠢ ᠠᠶᠢᠯ ᠬᠡᠷ ᠲᠤ ᠲᠤᠩ ᠠᠰᠢᠭᠳᠠᠢ ᠪᠠᠶᠢᠳᠠᠭ ᠢᠶᠠᠷ ᠢᠩᠬᠢᠵᠦ | ᠰᠤᠯᠢᠶ᠎ᠡ ᠤᠷᠤᠭ ᠬᠢᠭᠦ ᠨᠢ ᠤᠯᠠᠮᠵᠢᠯᠠᠭᠳᠠᠬᠤ ᠨᠦᠭᠦᠴᠡᠯ ᠪᠤᠯᠤᠮᠵᠢ ᠪᠠᠷ ᠦᠷᠬᠡᠨ ᠪᠠᠶᠢᠵᠦ᠂ ᠨᠡᠯᠢᠶᠡᠳ ᠬᠤᠵᠢᠭᠤ | ᠦᠶ᠎ᠡ ᠪᠤᠯᠳᠠᠯ᠎ᠠ ᠦᠷᠭᠦᠯᠵᠢᠯᠡᠵᠡᠢ᠃ |