ᠮᠢᠩ ᠶᠤᠸᠠᠨ ᠤ ᠡᠵᠡᠨ ᠳᠡᠭᠡᠨ ᠮᠠᠰᠢ ᠪᠢᠰᠢᠷᠠᠯ ᠲᠠᠢ | ᠮᠠᠨᠽᠤᠰᠢᠷᠠᠢ ᠬᠤᠳᠤᠭᠳᠦ ᠬᠡᠮᠡᠨ ᠨᠠᠷᠠ ᠴᠤᠯᠠ ᠲᠠᠢ | ᠮᠠᠨᠵᠦ ᠬᠠᠭᠠᠨ ᠤ ᠲᠦᠷᠦ ᠲᠡᠬᠡᠷ᠎ᠡ ᠮᠡᠷᠬᠡᠨ ᠴᠤᠯᠠ ᠲᠠᠢ | ᠮᠠᠨ ᠤ ᠭᠦᠷᠢᠶ᠎ᠡ ᠬᠤᠰᠢᠭᠤ ᠯᠠᠮᠠ ᠲᠠᠶᠢᠶᠧ ᠪᠤᠢ᠃ | ᠪᠠᠵᠸᠤ ᠶᠢᠨ ᠬᠡᠶᠢᠳ ᠲᠡᠭᠡᠨ ᠬᠤᠩ ᠱᠠᠨ ᠰᠤ᠋ ᠲᠠᠢ | ᠪᠠᠭ᠎ᠠ ᠶᠡᠭᠡ ᠬᠤᠸᠠᠷᠠᠭ ᠲᠠᠭᠠᠨ ᠴᠡᠯᠢᠩ ᠹᠦᠩᠯᠦ ᠲᠠᠢ | ᠪᠠᠢ ᠤᠪᠤᠭᠳᠦ ᠪᠤᠶᠠᠨᠳᠠᠨ ᠠᠴᠠ ᠢᠵᠠᠭᠤᠷ ᠦᠨᠳᠦᠰᠦ ᠲᠠᠢ | ᠮᠠᠨ ᠤ ᠬᠤᠰᠢᠭᠤᠨ ᠤ ᠢᠵᠡᠭᠤᠷ ᠡᠪᠦᠭᠡ ᠪᠤᠢ᠃ | ᠪᠤᠭᠳᠠ ᠡᠵᠡᠨ ᠤ ᠪᠤᠤ ᠾᠧ ᠳ᠋ᠢᠶᠠᠨ ᠳᠤ ᠵᠢᠰᠢᠶᠠᠨ ᠠᠯᠪᠠ ᠲᠠᠢ | ᠪᠤᠤ ᠱᠢ ᠵᠢᠩᠰᠠ ᠪᠤᠯᠠᠭ᠎ᠠ ᠶᠢᠨ ᠴᠤᠪᠠ ᠭᠦᠤᠰᠢ ᠶᠢᠨ ᠴᠤᠯᠠ ᠲᠠᠢ | ᠪᠦᠭᠦᠳᠠ ᠱᠠᠰᠢᠨ ᠢ ᠵᠠᠬᠢᠷᠤᠭᠴᠢ ᠵᠠᠩ ᠤᠨ ᠲᠠᠮᠠᠭ᠎ᠠ ᠲᠠᠢ | ᠪᠢᠳᠠᠨ ᠤ ᠭᠦᠷᠢᠶ᠎ᠡ ᠬᠤᠰᠢᠭᠤ ᠶᠢᠨ ᠯᠠᠮᠠ ᠢᠵᠠᠭᠤᠷ ᠪᠤᠢ᠃ | ᠬᠠᠨ ᠸᠠᠩ ᠡᠵᠡᠨ ᠳᠡᠭᠡᠨ ᠬᠠᠶᠢᠷ᠎ᠠ ᠦᠷᠦᠰᠢᠶᠠᠯ ᠲᠠᠢ | ᠬᠠᠮᠤᠭ ᠲᠦᠷᠦ ᠶᠢ ᠵᠠᠬᠢᠷᠤᠭᠴᠢ ᠸᠠᠩ ᠤᠨ ᠲᠠᠮᠠᠭ᠎ᠠ ᠲᠠᠢ | ᠬᠠᠭᠠᠨ ᠡᠵᠡᠨ ᠤ ᠬᠠᠶᠢᠷᠠᠯᠠᠭᠰᠠᠨ ᠬᠤᠳᠤᠭᠳᠦ ᠴᠤᠯᠠ ᠲᠠᠢ | ᠬᠠᠷᠠᠴᠤᠰ ᠬᠤᠸᠠᠷᠠᠭ ᠢ ᠵᠠᠬᠢᠷᠤᠭᠴᠢ ᠲᠤᠭᠤᠷ ᠳ᠋ᠠ ᠯᠠᠮᠠ ᠲᠠᠢ᠃ | ᠡᠶᠡᠪᠡᠷ ᠵᠠᠰᠠᠭᠴᠢ ᠡᠵᠡᠨ ᠳᠡᠭᠡᠨ ᠡᠯᠪᠡᠷᠢᠯ ᠦᠷᠦᠰᠢᠶᠠᠯ ᠲᠠᠢ | ᠡᠬᠢ ᠶᠦᠭᠡᠨ ᠪᠠᠳᠠᠷᠠᠭᠤᠯᠤᠭᠰᠠᠨ ᠰᠦᠮ᠎ᠡ ᠬᠡᠶᠢᠳ ᠲᠠᠢ | ᠡᠵᠡᠨ ᠲᠦᠷᠦ ᠠᠴᠠ ᠪᠠᠳᠤᠯᠠᠭᠰᠠᠨ ᠭᠤᠤᠮᠢᠩ ᠭᠤᠴᠤᠭ ᠲᠠᠢ | ᠶᠢᠰᠦᠨ ᠰᠠᠷ᠎ᠠ ᠶᠢᠨ ᠬᠤᠷᠢᠨ ᠬᠤᠶᠠᠷ ᠲᠤ ᠲᠦᠮᠡᠨ ᠮᠠᠨᠳᠤᠯ ᠲᠠᠢ᠃ | ᠤᠷᠢᠳᠠ ᠡᠵᠡᠨ ᠤ ᠰᠤᠶᠤᠷᠬᠠᠭᠰᠠᠨ ᠹᠦ᠋ ᠶᠤᠸᠠᠨ ᠰᠤ᠋ ᠰᠦᠮ᠎ᠡ ᠲᠠᠢ | ᠤᠯᠠᠭᠠᠨ ᠵᠡᠷᠬᠡ ᠴᠤᠪᠠ ᠴᠤᠤᠵᠦ ᠵᠠᠹᠦ ᠲᠠᠮᠠᠭ᠎ᠠ ᠲᠠᠢ | ᠤᠯᠠᠨ ᠬᠤᠸᠠᠷᠠᠭ ᠬᠤᠷᠠᠬᠤ ᠰᠦᠮ᠎ᠡ ᠳᠡᠭᠡᠨ ᠬᠤᠳᠤᠭᠳᠦ ᠵᠡᠷᠬᠡ ᠲᠠᠢ | ᠤᠯᠤᠰ ᠤᠨ ᠰᠦᠰᠦᠭ ᠢ ᠭᠦᠢᠴᠡᠳᠬᠡᠭᠴᠢ ᠶᠡᠭᠡ ᠮᠦᠷᠭᠦᠯ ᠲᠠᠢ᠃ | ᠠᠰᠠᠷ ᠶᠡᠭᠡ ᠲᠤᠭᠠᠩ ᠳᠠᠭᠠᠨ ᠠᠯᠳᠠᠨ ᠭᠠᠨᠵᠤᠤᠷ ᠲᠠᠢ | ᠠᠮᠢᠳᠦ ᠶᠢᠨ ᠵᠢᠷᠭᠤᠭᠠᠨ ᠤ ᠲᠦᠯᠦᠬᠡ ᠮᠦᠩᠬᠡ ᠶᠢᠨ ᠨᠦᠩᠨᠡᠢ ᠲᠠᠢ | ᠠᠷᠰᠯᠠᠨ ᠵᠠᠭᠠᠨ ᠭᠦᠯᠬᠡᠯᠡᠭᠰᠡᠨ ᠲᠤᠭᠰᠢᠨ ᠪᠤᠷᠬᠠᠳ ᠲᠠᠢ | ᠠᠷᠪᠠᠨ ᠨᠠᠢᠮᠠᠨ ᠠᠭᠤᠢ ᠰᠢᠳᠦᠬᠡᠨ ᠳᠡᠭᠡᠨ ᠠᠯᠳᠠᠨ ᠪᠤᠷᠬᠠᠨ ᠲᠠᠢ᠃ | ᠨᠠᠶᠠᠨ ᠵᠠᠩ ᠲᠤᠭᠠᠩ ᠳᠠᠭᠠᠨ ᠯᠠᠮᠠ ᠶᠢᠨ ᠯᠠᠪᠰᠠᠯᠠ ᠰᠢᠷᠡᠭᠡ ᠲᠠᠢ | ᠨᠠᠷᠢᠨ ᠨᠢᠭᠳᠠ ᠪᠤᠷᠬᠠᠨ ᠰᠢᠳᠦᠬᠡᠨ ᠳᠤ ᠯᠠᠪᠷᠢ ᠴᠢᠮᠡᠭ ᠲᠠᠢ | ᠨᠠᠶᠢᠳᠠᠨ ᠯᠠᠮᠠ ᡀᠠᠷᠠᠮ ᠳ᠋ᠤᠤᠷᠠᠮ ᠤᠨ ᠤᠯᠠᠨ ᠮᠢᠨᠳᠠᠭ ᠲᠠᠢ | ᠨᠢᠭᠳᠠ ᠵᠦᠢᠯ ᠢ ᠵᠦᠪᠯᠡᠭᠴᠢ ᠰᠤ᠋ ᠶᠢᠨ ᠲᠦᠰᠢᠮᠠᠳ ᠲᠠᠢ | ᠭᠠᠶᠢᠬᠠᠮᠰᠢᠭᠳᠦ ᠰᠢᠳᠦᠬᠡᠨ ᠬᠡᠮᠡᠨ ᠭᠠᠷᠮᠠᠯᠠᠮᠠ ᠶᠢᠨ ᠰᠦᠮ᠎ᠡ ᠲᠠᠢ | ᠭᠠᠢ ᠭᠠᠴᠢᠭ ᠢ ᠢᠯᠠᠭᠤᠭᠴᠢ ᠭᠠᠪᠠᠯᠠ ᠶᠢᠨ ᠰᠢᠳᠦᠬᠡᠨ ᠲᠠᠢ | ᠭᠠᠨᠳᠠᠢ ᠮᠤᠳᠦ ᠶᠢ ᠲᠡᠯᠡᠳᠦᠭᠴᠢ ᠶᠡᠷᠨᠠᠢ ᠶᠢᠨ ᠬᠤᠷᠠᠯ ᠲᠠᠢ | ᠭᠠᠮᠰᠢᠭ ᠵᠤᠳ ᠢ ᠨᠢᠴᠠᠯᠤᠭᠴᠢ ᠵᠤᠤ ᡀᠠᠮᠤ ᠲᠠᠢ᠃ | ᠲᠡᠬᠡᠳᠦ ᠡᠵᠡᠨ ᠤ ᠲᠤᠭᠳᠠᠭᠠᠭᠰᠠᠨ ᠲᠦᠷᠪᠡᠨ ᠵᠠᠰᠠᠭ ᠲᠠᠢ | ᠲᠡᠰᠯᠡᠭᠰᠡᠨ ᠲᠦᠷᠪᠡᠨ ᠲᠠᠮᠴᠢ ᠳᠡᠭᠡᠨ ᠵᠠᠹᠦ ᠲᠠᠮᠠᠭ᠎ᠠ ᠲᠠᠢ | ᠲᠦᠷᠪᠡᠨ ᠰᠠᠷ᠎ᠠ ᠶᠢᠨ ᠠᠷᠪᠠᠨ ᠲᠠᠪᠤᠨ᠎ᠠ ᠲᠡᠯᠬᠡᠷᠡᠩᠭᠦᠢ ᠮᠠᠨᠳᠤᠯ ᠲᠠᠢ | ᠲᠦᠷᠢᠮ ᠶᠤᠰᠤ ᠪᠠᠷ ᠵᠠᠬᠢᠷᠤᠭᠴᠢ ᠲᠦᠷᠪᠡᠨ ᠬᠡᠪᠭᠦᠢ ᠲᠠᠢ᠃ | ᠬᠠᠨ ᠸᠠᠩ ᠤᠨ ᠰᠦᠮ᠎ᠡ ᠳᠡᠭᠡᠨ ᠨᠤᠮ ᠤᠨ ᠬᠠᠭᠠᠨ ᠯᠠᠮᠠ ᠲᠠᠢ | ᠬᠠᠭᠠᠨ ᠡᠵᠡᠨ ᠤ ᠬᠠᠶᠢᠷᠠᠯᠠᠭᠰᠠᠨ ᠠᠪᠢᠰᠢᠭ᠌ ᠨᠤᠮ ᠲᠠᠢ | ᠬᠠᠷᠠᠴᠤᠰ ᠬᠤᠸᠠᠷᠠᠭ ᠢ ᠵᠠᠬᠢᠷᠤᠭᠴᠢ ᠲᠤᠭᠤᠷ ᠳ᠋ᠠ ᠯᠠᠮᠠ ᠲᠠᠢ | ᠬᠠᠭᠠᠯᠭᠠᠨ ᠲᠤᠳᠤᠷᠠᠬᠢ ᠰᠢ ᠵᠠ ᠺᠧᠦ ᠳᠤᠷ ᠪᠠᠶᠢᠰᠢᠩ ᠲᠠᠢ | ᠲᠠᠯᠠᠢ ᠯᠠᠮᠠ ᠶᠢᠨ ᠬᠠᠶᠢᠷᠠᠯᠠᠭᠰᠠᠨ ᠵᠤᠤ ᡀᠠᠮᠤ ᠲᠠᠢ | ᠲᠠᠶᠢᠴᠢᠩ ᠭᠦᠷᠦᠨ ᠲᠡᠬᠡᠷ᠎ᠡ ᠠᠯᠳᠠᠷᠰᠢᠭᠰᠠᠨ ᠭᠦᠷᠢᠶ᠎ᠡ ᠯᠠᠮᠠ ᠲᠠᠢ | ᠲᠠᠭᠠᠷᠢᠭᠰᠠᠨ ᠪᠦᠭᠦᠨ ᠢ ᠢᠯᠠᠭᠤᠭᠴᠢ ᠰᠢᠳᠦᠬᠡᠨ ᡀᠠᠮᠤ ᠲᠠᠢ | ᠲᠠᠯᠳᠠ ᠭᠠᠵᠠᠷ ᠤᠨ ᠰᠦᠰᠦᠭᠳᠡᠳ ᠤᠨ ᠭᠦᠰᠡᠯ ᠮᠦᠷᠭᠦᠯ ᠲᠠᠢ᠃ | ᠪᠤᠷᠬᠠᠨ ᠤ ᠱᠠᠰᠢᠨ ᠢ ᠮᠠᠨᠳᠤᠭᠤᠯᠤᠭᠰᠠᠨ ᠪᠤᠭᠳᠠ ᠯᠤᠤᠶᠧ ᠲᠠᠢ | ᠪᠤᠳᠠᠳᠠᠢ ᠠᠪᠤᠷᠠᠯ ᠢᠶᠠᠷ ᠢᠪᠡᠬᠡᠭᠴᠢ ᠰᠢᠳᠦᠬᠡᠨ ᠯᠤᠤᠶᠧ ᠲᠠᠢ | ᠪᠤᠶᠠᠨ ᠪᠢᠯᠢᠭ ᠶᠦᠭᠡᠨ ᠪᠠᠳᠠᠷᠠᠭᠤᠯᠤᠭᠰᠠᠨ ᠲᠤᠭᠤᠷ ᠳ᠋ᠠ ᠯᠠᠮᠠ ᠲᠠᠢ | ᠪᠤᠭᠤᠮᠳᠠ ᠲᠤᠳᠤᠷᠠᠬᠢ ᠰᠠᠨ ᠾᠧ ᠰᠢᠶᠠᠨ ᠳᠤᠷ ᠵᠤᠩᠳᠤᠷ ᠪᠠᠶᠢᠰᠢᠩ ᠲᠠᠢ | ᠮᠠᠨᠢᠳᠦ ᠶᠢᠨ ᠭᠤᠤ ᠲᠦᠭᠦᠷᠡᠩ ᠰᠠᠭᠤᠭᠰᠠᠨ ᠮᠠᠶᠢᠮᠠᠢ ᠵᠡᠬᠡᠯᠢ ᠲᠠᠢ | ᠮᠠᠩᠭᠤᠰ ᠰᠢᠮᠨᠤ ᠶᠢ ᠲᠠᠷᠤᠨ ᠰᠠᠭᠤᠭᠰᠠᠨ ᠮᠠᠨᠽᠤᠰᠢᠷᠢ ᠶᠢᠨ ᠰᠢᠷᠡᠭᠡ ᠲᠠᠢ | ᠮᠠᠨᠵᠦ ᠬᠠᠭᠠᠨ ᠤ ᠵᠠᠷᠯᠢᠭᠳᠦ ᠮᠦᠭᠳᠡᠨ ᠰᠢᠷᠡᠬᠡᠳᠦ ᠤᠯᠠᠮᠵᠢᠯᠠᠯ ᠲᠠᠢ | ᠮᠡᠷᠬᠡᠨ ᠴᠤᠶᠢᠷᠵᠢ᠂ ᠨᠤᠮ ᠤᠨ ᠬᠠᠭᠠᠨ ᠦᠶ᠎ᠡ ᠦᠶ᠎ᠡ ᠠᠯᠳᠠᠷ ᠲᠠᠢ᠃ | ᠬᠠᠳᠠᠳᠦ ᠠᠭᠤᠯᠠᠨ ᠤ ᠡᠩᠬᠡᠷ ᠲᠤᠤᠷ᠎ᠠ ᠬᠠᠷᠰᠢ ᠤᠷᠳᠦ ᠲᠠᠢ | ᠬᠠᠷᠬᠢᠰ ᠭᠠᠵᠢᠭᠤ ᠶᠢ ᠲᠠᠷᠤᠩᠭᠤᠶᠢᠯᠠᠵᠦ ᠰᠢᠢᠳᠬᠡᠭᠦ ᠨᠤᠮ ᠤᠨ ᠬᠤᠷᠠᠯ ᠲᠠᠢ | ᠬᠠᠮᠤᠭ ᠡᠬᠢ ᠡᠭᠦᠰᠦᠭᠰᠡᠨ ᠯᠠᠮᠠ ᠶᠢᠨ ᠲᠠᠮᠠᠭ᠎ᠠ ᠲᠠᠢ᠃ | ᠭᠦᠷᠢᠶ᠎ᠡ ᠵᠠᠰᠠᠭ ᠳ᠋ᠠ ᠰᠢᠷᠡᠬᠡᠳᠦ ᠯᠠᠮᠠ ᠶᠢᠨ ᠲᠠᠮᠠᠭ᠎ᠠ ᠲᠠᠢ᠃ | ᠵᠡᠭᠦᠨ ᠪᠠᠷᠠᠭᠤᠨ ᠪᠡᠶ᠎ᠡ ᠳᠡᠭᠡᠨ ᠵᠦᠩᠯᠦ ᠭᠸᠤᠯᠤ ᠲᠠᠢ | ᠵᠢᠷᠦᠬᠡᠨ ᠵᠢᠷᠭᠤᠭᠠᠨ ᠦᠰᠦᠭ ᠤᠨ ᠶᠡᠭᠡ ᠬᠤᠷᠯᠤ ᠲᠠᠢ | ᠵᠦᠢᠯ ᠪᠦᠷᠢ ᠶᠢ ᠵᠢᠷᠤᠵᠦ ᠰᠡᠶᠢᠯᠦᠭᠰᠡᠨ ᠴᠢᠩ ᠫᠠᠶᠢᠯᠤ ᠲᠠᠢ | ᠵᠦᠭ ᠪᠦᠷᠢ ᠶᠢᠨ ᠰᠦᠰᠦᠭᠳᠡᠳ ᠠᠴᠠ ᠵᠠᠯᠪᠠᠷᠢᠭ᠎ᠠ ᠮᠦᠷᠭᠦᠯ ᠲᠠᠢ᠃ | ᠮᠦᠩᠭᠦ ᠪᠠᠷ ᠪᠦᠳᠦᠭᠰᠡᠨ ᠮᠦᠩᠬᠡ ᠶᠢᠨ ᠵᠤᠯᠠ ᠲᠠᠢ | ᠮᠦᠴᠡ ᠴᠠᠭ ᠲᠠᠰᠤᠷᠠᠰᠢ ᠦᠬᠡᠢ ᠪᠤᠶᠠᠨ ᠤ ᠡᠭᠦᠰᠬᠡᠯ ᠲᠠᠢ | ᠮᠦᠨ ᠭᠦ ᠤᠯᠠᠨ ᠮᠦᠷᠭᠦᠯᠴᠢᠳ ᠲᠤᠰᠤ ᠶᠢᠨ ᠨᠠᠮᠠᠷᠢ ᠲᠠᠢ | ᠮᠡᠷᠬᠡᠨ ᠶᠤᠰᠤᠭᠠᠷ ᠲᠤᠭᠳᠠᠭᠠᠰᠠᠨ ᠬᠠᠳᠠᠭᠤ ᠴᠠᠭᠠᠵᠠ ᠲᠠᠢ᠃ | ᠳ᠋ᠦᠩᠷᠡ ᠮᠦᠷ ᠲᠡᠭᠡᠨ ᠵᠠᠯᠠᠷᠠᠨ ᠰᠠᠭᠤᠭᠰᠠᠨ ᠵᠠᠰᠠᠭ ᠤᠨ ᠲᠡᠷᠢᠭᠦᠨ ᠯᠠᠮᠠ ᠲᠠᠢ | ᠲᠤᠷᠤᠭᠰᠢ ᠲᠤᠷᠤᠭᠰᠢ ᠪᠠᠨ ᠲᠠᠷᠠᠭᠠᠯᠠᠭᠰᠠᠨ ᠤᠮᠵᠠᠳ ᠬᠠᠮᠵᠠ ᠲᠠᠢ | ᠲᠤᠭᠰᠢᠳ ᠭᠠᠯᠵᠠᠭᠤᠴᠢᠳ ᠢ ᠨᠢᠴᠠᠯᠤᠭᠴᠢ ᠬᠠᠳᠠᠭᠤ ᠭᠦᠷᠢᠮ ᠲᠠᠢ | ᠲᠤᠯᠤᠭᠠᠨ ᠰᠠᠷ᠎ᠠ ᠳᠤᠷ ᠮᠠᠨᠢ ᠪᠦᠳᠦᠬᠡᠭᠦ ᠮᠢᠩᠭᠠᠨ ᠬᠤᠸᠠᠷᠠᠭ ᠲᠠᠢ᠃ | ᠲᠦᠷᠦ ᠶᠢᠨ ᠡᠵᠡᠨ ᠬᠠᠭᠠᠨ ᠳᠠᠭᠠᠨ ᠲᠡᠭᠦᠰ ᠵᠢᠳᠭᠦᠯ ᠲᠠᠢ | ᠲᠦᠷᠦᠭᠦᠦ ᠱᠠᠰᠢᠨ ᠪᠠᠳᠤᠳᠬᠠᠭᠰᠠᠨ ᠲᠡᠤᠬᠡ ᠲᠡᠪᠳᠡᠷ ᠲᠠᠢ | ᠲᠦᠮᠡᠨ ᠬᠠᠷ᠎ᠠ ᠮᠢᠩᠭᠠᠨ ᠰᠢᠷ᠎ᠠ ᠳᠠᠭᠠᠨ ᠲᠦᠬᠡᠮᠡᠯ ᠪᠢᠰᠢᠷᠠᠯ ᠲᠠᠢ | ᠲᠡᠩᠴᠡᠰᠢ ᠦᠬᠡᠢ ᠢᠵᠠᠭᠤᠷᠳᠡᠨ ᠪᠤᠭᠳᠠ ᠯᠠᠮᠠ ᠲᠠᠢ᠃ | ᠪᠤᠷᠬᠠᠨ ᠤ ᠱᠠᠰᠢᠨ ᠢ ᠮᠡᠨᠳᠤᠯᠠᠭᠦᠢ ᠳᠤᠷ ᠪᠤᠶᠠᠨ ᠤ ᠰᠦᠰᠦᠭ ᠲᠠᠢ | ᠪᠤᠤᠯᠢᠩ ᠬᠤᠸᠠ ᠯᠤ᠋ ᠰᠢᠶᠠᠨ ᠳᠤᠷ ᠪᠡᠶ᠎ᠡ ᠯᠠᠮᠠ ᠶᠢᠨ ᠰᠦᠮ᠎ᠡ ᠲᠠᠢ | ᠪᠤᠷᠤᠩᠬᠤᠢ ᠨᠤᠭᠤᠳ ᠢ ᠠᠷᠢᠯᠭᠠᠭᠴᠢ ᠪᠠᠭᠠᠳᠤᠷ ᠪᠤᠳᠤᠯᠭ᠎ᠠ ᠲᠠᠢ | ᠪᠤᠷᠬᠠᠨ ᠤ ᠬᠤᠪᠢᠯᠭᠠᠨ ᠪᠠᠢ ᠤᠪᠤᠭᠳᠦ ᠠᠴᠠ ᠡᠬᠢ ᠰᠤᠷᠪᠤᠯᠵᠢ ᠲᠠᠢ᠃ | ᠴᠢᠶᠠᠨ ᠰᠢᠶᠠᠨ ᠠᠭᠤᠯᠠᠨ ᠳᠠᠭᠠᠨ ᠴᠠᠭᠠᠨ ᠠᠭᠤᠢ ᠲᠠᠢ | ᠴᠠᠭ ᠮᠦᠴᠡ ᠶᠢ ᠪᠤᠳᠤᠵᠦ ᠮᠡᠳᠡᠭᠦ ᠪᠡᠯᠬᠡ ᠪᠢᠯᠢᠭ ᠲᠠᠢ | ᠴᠠᠭᠠᠨ ᠰᠠᠷ᠎ᠠ ᠶᠢᠨ ᠠᠷᠪᠠᠨ ᠲᠠᠪᠤᠨ᠎ᠠ ᠴᠠᠮ ᠤᠨ ᠬᠤᠷᠠᠯ ᠲᠠᠢ | ᠴᠠᠭᠯᠠᠰᠢ ᠦᠬᠡᠢ ᠪᠤᠶᠠᠨ ᠢ ᠦᠢᠯᠡᠳᠦᠭᠴᠢ ᠪᠠᠶᠠᠷ ᠤᠨ ᠨᠠᠷᠬᠢᠶᠠᠨ ᠲᠠᠢ᠃ | ᠮᠦᠭᠳᠡᠨ ᠠᠴᠠ ᠭᠦᠷᠬᠡᠵᠦ ᠢᠷᠡᠭᠦ ᠮᠦᠩᠭᠦ ᠶᠢᠨ ᠴᠠᠯᠢᠩ ᠲᠠᠢ | ᠮᠦᠴᠡ ᠴᠠᠭ ᠲᠤᠷ ᠲᠠᠰᠤᠷᠠᠰᠢ ᠦᠬᠡᠢ ᠦᠭᠯᠢᠬᠡ ᠶᠢᠨ ᠡᠵᠡᠳ ᠲᠠᠢ | ᠮᠦᠨ ᠭᠦ ᠪᠠᠳᠦ ᠪᠠᠶᠢᠭᠤᠯᠤᠭᠰᠠᠨ ᠰᠤ᠋ ᠶᠢᠨ ᠨᠡᠶᠢᠯᠡᠭᠡ ᠲᠠᠢ | ᠮᠤᠰᠢᠭᠠᠢ ᠮᠠᠭᠤᠬᠠᠢ ᠶᠢ ᠠᠷᠢᠯᠭᠠᠭᠴᠢ ᠠᠷᠢᠭᠤᠨ ᠪᠤᠳᠤᠯᠭ᠎ᠠ ᠲᠠᠢ᠃ | ᠵᠡᠭᠦᠨ ᠮᠤᠵᠢ ᠶᠢᠨ ᠹᠧᠩ ᠲᠢᠶᠠᠨ ᠠᠴᠠ ᠵᠢᠮᠢᠰ ᠤᠨ ᠠᠯᠪᠠ ᠲᠠᠢ | ᠵᠢᠯ ᠪᠦᠷᠢ ᠭᠦᠷᠬᠡᠵᠦ ᠢᠷᠡᠭᠦ ᠴᠠᠭᠠᠵᠠ ᠰᠠᠬᠢᠯᠭ᠎ᠠ ᠲᠠᠢ | ᠵᠢᠷᠤᠮ ᠶᠤᠰᠤᠭᠠᠷ ᠪᠠᠶᠢᠭᠤᠯᠤᠭᠰᠠᠨ ᠡᠰᠢ ᠲᠤᠸᠠᠠᠯᠢᠶᠠᠨ ᠲᠠᠢ | ᠵᠡᠷᠯᠢᠭ ᠵᠠᠯᠢᠬᠠᠢ ᠶᠢ ᠰᠦᠨᠦᠬᠡᠭᠰᠡᠨ ᠠᠯᠳᠠᠷ ᠴᠤᠤ ᠲᠠᠢ᠃ | ᠤᠯᠠᠨ ᠬᠡᠶᠢᠳ ᠤᠨ ᠠᠷᠦ ᠲᠡᠬᠡᠷ᠎ᠡ ᠪᠠᠨ ᠤᠯᠠᠨ ᠰᠤᠪᠤᠷᠭ᠎ᠠ ᠲᠠᠢ | ᠤᠷᠠᠨ ᠨᠠᠷᠢᠯᠢᠭ ᠪᠠᠶᠢᠭᠤᠯᠤᠭᠰᠠᠨ ᠯᠠᠮᠠ ᠶᠢᠨ ᠰᠤᠪᠤᠷᠭ᠎ᠠ ᠲᠠᠢ | ᠤᠯᠤᠰ ᠪᠦᠭᠦᠳᠠ ᠦᠵᠡᠪᠡᠰᠦ ᠤᠭᠤᠭᠠᠳᠠ ᠪᠢᠰᠢᠷᠠᠯ ᠲᠠᠢ | ᠤᠶᠤᠨ ᠪᠢᠯᠢᠭ ᠢᠶᠠᠨ ᠬᠠᠨᠤᠭᠠᠭᠴᠢ ᠤᠨᠠᠭ᠎ᠠ ᠮᠦᠷᠭᠦᠯᠳᠠᠨ ᠲᠠᠢ᠃ | ᠡᠵᠡᠨ ᠲᠦᠷᠦ ᠶᠢ ᠪᠠᠳᠤᠳᠬᠠᠬᠤ ᠡᠳᠦᠷ ᠪᠦᠷᠢ ᠶᠢᠨ ᠬᠤᠷᠠᠯ ᠲᠠᠢ | ᠱᠠᠰᠢᠨ ᠲᠦᠷᠦ ᠶᠢ ᠮᠠᠨᠳᠤᠭᠤᠯᠬᠤ ᠰᠠᠷ᠎ᠠ ᠪᠦᠷᠢ ᠬᠤᠷᠠᠯ ᠲᠠᠢ | ᠬᠠᠮᠤᠭ ᠭᠦᠷᠦᠨ ᠢ ᠬᠠᠮᠠᠭᠠᠯᠠᠬᠤ ᠬᠠᠳᠠᠭᠤ ᠭᠦᠷᠢᠮ ᠲᠠᠢ | ᠬᠠᠷᠢᠶᠠᠳᠦ ᠠᠷᠠᠳ ᠢᠶᠠᠨ ᠢᠪᠡᠬᠡᠭᠦ ᠲᠦᠷᠢᠮ ᠲᠤᠭᠳᠠᠭᠠᠯ ᠲᠠᠢ᠃ | ᠲᠡᠤᠬᠡ ᠰᠢᠯᠦᠭ ᠢ ᠨᠡᠶᠢᠯᠡᠭᠦᠯᠦᠨ ᠮᠠᠭᠳᠠᠭᠠᠯ ᠪᠤᠯᠭᠠᠪᠠᠢ | ᠲᠦᠮᠡᠨ ᠬᠠᠷ᠎ᠠ ᠮᠢᠩᠭᠠᠨ ᠰᠢᠷ᠎ᠠ ᠳᠠᠭᠠᠨ ᠭᠦᠭᠵᠢᠮ ᠡᠷᠭᠦᠪᠡᠢ | ᠲᠡᠤᠬᠡ ᠡᠪᠬᠡᠭᠰᠡᠨ ᠰᠢᠯᠦᠭ ᠤᠨ ᠠᠶᠠᠯᠭᠤ ᠬᠤᠴᠤᠷᠤᠨ ᠦᠯᠡᠳᠡᠪᠡᠢ | ᠲᠦᠩᠰᠢ ᠠᠶᠢᠯ ᠤᠨ ᠦᠴᠦᠬᠡᠨ ᠵᠢᠯᠳᠦ ᠲᠦᠪᠯᠡᠨ ᠵᠤᠬᠢᠶᠠᠪᠠᠢ᠃ | ᠰᠢᠯᠦᠭ ᠲᠡᠤᠬᠡ ᠶᠢ ᠡᠶᠡᠳᠡᠭᠦᠯᠦᠨ ᠮᠠᠭᠳᠠᠭᠠᠯ ᠪᠤᠯᠭᠠᠪᠠᠢ | ᠰᠢᠷ᠎ᠠ ᠬᠠᠷ᠎ᠠ ᠮᠢᠩᠭ᠎ᠠ ᠲᠦᠮᠡ ᠳᠡᠭᠡᠨ ᠭᠦᠭᠵᠢᠮ ᠡᠷᠭᠦᠪᠡᠢ | ᠰᠢᠯᠦᠭ ᠢᠶᠠᠷ ᠡᠪᠬᠡᠭᠰᠡᠨ ᠲᠡᠤᠬᠡ ᠶᠢᠨ ᠠᠶᠠᠯᠭᠤ ᠲᠡᠯᠡᠬᠡᠢ ᠳᠤ ᠬᠤᠴᠤᠷᠪᠡᠢ | ᠰᠢᠪᠡᠭᠡ ᠠᠶᠢᠯ ᠤᠨ ᠮᠡᠭᠦᠰ ᡀᠠᠬᠠ ᠵᠠᠰᠠᠮᠵᠢᠯᠠᠨ ᠪᠢᠴᠢᠪᠡᠢ᠃ | ᠪᠠᠷᠤᠭ ᠬᠢᠷᠢ ᠶᠢᠨ ᠵᠤᠴᠢᠳ ᠦᠵᠡᠪᠡᠯ ᠪᠠᠭ᠋ᠠᠷᠠᠨ ᠰᠢᠭᠦᠮᠵᠢᠯᠡᠮᠤᠢ | ᠪᠠᠭ᠎ᠠ ᠵᠢᠭᠠᠯ ᠬᠡᠤᠬᠡᠳ ᠦᠵᠡᠪᠡᠯ ᠲᠠᠭᠤᠳᠠᠨ ᠢᠨᠢᠶᠡᠭᠦ ᠳ᠋ᠠ | ᠬᠢᠷᠢ ᠶᠢᠨ ᠡᠷᠳᠡᠮᠳᠡᠳ ᠦᠵᠡᠪᠡᠯ ᠬᠡᠨ ᠤ ᠵᠤᠬᠢᠶᠠᠯ ᠬᠡᠵᠦ ᠠᠰᠠᠭᠤᠬᠤ ᠳ᠋ᠠ | ᠬᠡᠳᠦᠷᠬᠡᠢ ᠪᠤᠭᠳᠠ ᠮᠡᠷᠬᠡᠳ ᠦᠵᠡᠪᠡᠯ ᠤᠷᠤᠭᠤᠯ ᠢᠶᠠᠨ ᠦᠷᠴᠢᠢᠮᠤᠢ︕ |