ᠰᠤᠶᠤᠯ ᠵᠤᠬᠢᠰᠳᠤ ᠬᠡᠶᠢᠳ
ᠨᠡᠶᠢᠲᠡᠯᠡᠭᠰᠡᠨ ᠴᠠᠭ᠄
2020-04-10
   ᠰᠤᠶᠤᠯ ᠵᠤᠬᠢᠰᠳᠤ ᠬᠡᠶᠢᠳ ᠪᠤᠯ ᠬᠦᠷᠢᠶ᠎ᠡ ᠬᠤᠰᠢᠭᠤᠨ ᠤ ᠭᠤᠷᠪᠠᠨ ᠶᠡᠭᠡ ᠬᠡᠶᠢᠳ ᠤᠨ ᠨᠢᠬᠡ ᠨᠢ ᠪᠠᠶᠢᠵᠤ᠂ ᠡᠬᠢ ᠶᠦᠭᠡᠨ ᠪᠠᠳᠠᠷᠠᠭᠤᠯᠤᠭᠴᠢ ᠬᠡᠶᠢᠳ ᠤᠨ ᠵᠡᠬᠦᠨ ᠲᠠᠯ᠎ᠠ ᠳᠤ ᠪᠠᠶᠢᠷᠢᠯᠠᠵᠤ᠂ ᠰᠦᠮ᠎ᠡ ᠶᠢᠨ ᠬᠠᠭᠠᠯᠭ᠎ᠠ᠂ ᠮᠠᠶᠢᠳᠠᠷᠢ ᠪᠤᠷᠬᠠᠨ ᠤ ᠬᠠᠷᠰᠢ᠂ ᠠᠶᠤᠰᠢ ᠶᠢᠨ ᠰᠦᠮ᠎ᠡ᠂ ᠬᠠᠰ ᠲᠤᠯᠭᠠᠭᠤᠷᠢᠳᠤ ᠲᠢᠩᠭᠢᠮ᠂ ᠳ᠋ᠠᠷ᠎ᠠ ᠡᠭᠡ ᠶᠢᠨ ᠰᠦᠮ᠎ᠡ ᠵᠡᠷᠭᠡ  ᠪᠠᠷ ᠪᠦᠷᠢᠯᠳᠤᠵᠠᠢ᠃ ᠬᠠᠶᠠ ᠵᠠᠷᠢᠮ ᠨᠢ ᠪᠠᠰᠠ ᠸᠠᠩ ᠤᠨ ᠤᠷᠳᠤᠨ ᠤ ᠰᠦᠮ᠎ᠠ ᠬᠡᠳᠡᠭ᠂ ᠤᠴᠢᠷ ᠨᠢ ᠠᠳᠡ ᠬᠦᠷᠢᠶ᠎ᠡ ᠵᠠᠰᠠᠭ ᠳ᠋ᠠ ᠯᠠᠮᠠ ᠠᠵᠢᠯᠯᠠᠬᠤ ᠭᠠᠵᠠᠷ ᠪᠠ ᠪᠦᠬᠦ ᠬᠤᠰᠢᠭᠤᠨ ᠤ ᠲᠦᠷᠦ ᠱᠠᠰᠢᠨ ᠤ ᠡᠷᠭᠡ ᠶᠢ ᠶᠠᠪᠤᠭᠤᠯᠬᠤ ᠭᠠᠵᠠᠷ ᠪᠤᠯᠤᠨ᠎ᠠ᠃ ᠬᠡᠶᠢᠳ ᠤᠨ ᠡᠮᠤᠨ᠎ᠠ ᠲᠠᠯ᠎ᠠ ᠳᠤ ᠨᠢ ᠴᠠᠮ ᠤᠨ ᠲᠠᠯᠠᠪᠤᠷ ᠲᠠᠢ ᠪᠠᠶᠢᠵᠤ᠂ ᠶᠡᠭᠡ ᠪᠠᠭ᠎ᠠ ᠴᠠᠮ ᠢ ᠪᠦᠷ ᠠᠳᠡ ᠴᠠᠮᠨᠠᠳᠠᠭ᠃    ᠡᠨᠡ ᠴᠠᠮ ᠤᠨ ᠲᠠᠯᠠᠪᠤᠷ ᠤᠨ ᠬᠤᠶᠢᠳᠤ ᠲᠠᠯ᠎ᠠ ᠪᠠᠷ ᠨᠢ ᠡᠮᠤᠨᠡᠰᠢ ᠬᠠᠷᠠᠭᠰᠠᠨ ᠨᠤᠮᠤ ᠶᠢᠨ ᠬᠡᠯᠪᠡᠷᠢ ᠶᠢᠨ ᠬᠤᠶᠠᠷ ᠵᠢᠬᠦᠷ ᠤᠨ ᠭᠡᠷ ᠪᠠᠶᠢᠵᠤ ᠴᠠᠮ ᠴᠠᠮᠨᠠᠬᠤ ᠳᠤ ᠵᠠᠰᠠᠭ ᠳ᠋ᠠ ᠯᠠᠮᠠ᠂ ᠬᠡᠪᠬᠦᠢ ᠨᠡᠷ ᠰᠠᠭᠤᠵᠤ ᠦᠵᠡᠳᠡᠭ᠂ ᠴᠠᠮ ᠤᠨ ᠲᠠᠯᠠᠪᠤᠷ ᠤᠨ ᠡᠮᠤᠨ᠎ᠡ ᠲᠠᠯ᠎ᠠ ᠳᠤ ᠨᠢ ᠮᠦᠨᠴᠤ ᠨᠤᠮᠤ ᠶᠢᠨ ᠬᠡᠯᠪᠡᠷᠢ ᠶᠢᠨ ᠨᠢᠬᠡ ᠬᠤᠤᠰ ᠠᠯᠳᠠ ᠦᠨᠳᠤᠷ ᠠᠷᠪᠠᠭᠠᠳ ᠬᠤᠤᠰ ᠠᠯᠳᠠ ᠦᠷᠬᠡᠨ ᠬᠡᠷᠡᠮ ᠪᠠᠶᠢᠵᠤ᠂ ᠬᠡᠷᠡᠮ ᠤᠨ ᠲᠤᠳᠤᠷ᠎ᠠ ᠨᠢ ᠲᠠᠶᠢᠰᠠ ᠲᠠᠢ᠂ ᠲᠠᠶᠢᠰᠠᠨ ᠲᠡᠭᠡᠷ᠎ᠡ ᠨᠢ ᠬᠦᠭᠵᠢᠮᠴᠢᠨ ᠰᠠᠭᠤᠵᠤ ᠴᠠᠮ ᠳᠤ ᠬᠦᠭᠵᠢᠮ ᠬᠦᠭᠵᠢᠮᠳᠡᠳᠡᠭ᠃ ᠭᠤᠤᠯ ᠡᠬᠦᠳᠡ ᠪᠠᠷ ᠨᠢ ᠪᠠᠷᠤᠭ ᠤᠷᠤᠵᠤ ᠭᠠᠷᠳᠠᠭ ᠦᠭᠡᠢ ᠪᠠᠶᠢᠵᠤ᠂ ᠵᠡᠬᠦᠨ ᠪᠠᠷᠠᠭᠤᠨ ᠬᠤᠶᠠᠷ ᠡᠬᠦᠳᠡ ᠨᠢ ᠤᠷᠤᠪᠠᠯ ᠭᠤᠤᠯ ᠬᠠᠷᠰᠢ ᠲᠠᠷᠤᠢ ᠮᠠᠶᠢᠳᠠᠷᠢ ᠪᠤᠷᠬᠠᠨ ᠢ ᠳᠠᠬᠢᠵᠤ ᠪᠠᠶᠢᠳᠠᠭ ᠲᠤᠯᠠ ᠮᠠᠶᠢᠳᠠᠷᠢ ᠶᠢᠨ ᠬᠠᠷᠰᠢ ᠪᠠᠶᠢᠳᠠᠭ᠃ ᠬᠠᠷᠰᠢ ᠶᠢᠨ ᠬᠤᠶᠠᠷ ᠲᠠᠯ᠎ᠠ ᠶᠢᠨ ᠡᠬᠦᠳᠡ ᠪᠠᠷ ᠤᠷᠤᠪᠠᠯ ᠠᠶᠤᠰᠢ ᠰᠦᠮ᠎ᠡ ᠪᠠᠶᠢᠵᠤ᠂ ᠵᠠᠰᠠᠭ ᠳ᠋ᠠ ᠯᠠᠮᠠ ᠶᠢᠨ ᠪᠤᠷᠬᠠᠨ ᠳᠠᠬᠢᠬᠤ ᠭᠠᠵᠡᠷ ᠪᠤᠯᠤᠨ᠎ᠠ᠃ ᠲᠡᠬᠦᠨ ᠤ ᠵᠡᠬᠦᠨ ᠲᠠᠯ᠎ᠠ ᠳᠤ ᠨᠢ ᠲᠤᠰᠠᠭᠠᠷ ᠬᠦᠷᠢᠶ᠎ᠠ ᠪᠠᠶᠢᠵᠤ᠂ ᠳᠠᠪᠤᠨ ᠵᠠᠩ ᠢᠯᠡᠬᠦᠤ ᠬᠡᠷ ᠲᠠᠢ ᠪᠦᠭᠡᠳ ᠡᠭᠦᠳᠡᠨ ᠡᠮᠤᠨᠡᠬᠢ ᠴᠢᠯᠠᠭᠤᠨ ᠲᠤᠯᠭᠠᠭᠤᠷᠢ ᠲᠡᠬᠡᠷ᠎ᠡ ᠨᠢ ᠮᠤᠩᠭᠤᠯ ᠤᠭᠠᠯᠵᠠᠨ ᠦᠰᠦᠭ ᠤᠨ ᠬᠤᠤᠰ ᠤᠶᠠᠩᠭ᠎ᠠ ᠲᠠᠢ ᠪᠠᠶᠢᠵᠤ᠂ ᠲᠡᠬᠦᠨ  ᠤ ᠵᠡᠬᠦᠨ ᠲᠠᠯ᠎ᠠ ᠳᠤ ᠨᠢ ᠭᠤᠷᠪᠠᠨ ᠲᠠᠰᠤᠯᠭ᠎ᠠ ᠬᠤᠶᠠᠷ ᠲᠠᠪᠬᠤᠷ ᠠᠰᠠᠷ ᠪᠠᠶᠢᠵᠤ᠂ ᠵᠠᠰᠠᠭ ᠳ᠋ᠠ ᠯᠠᠮᠠ ᠠᠳᠡ ᠠᠯᠪᠠᠯᠠᠳᠠᠭ ᠶᠤᠮ᠃ ᠬᠠᠰ ᠲᠤᠯᠭᠠᠭᠤᠷᠢᠳᠤ ᠲᠢᠩᠬᠢᠮ ᠪᠤᠯ ᠵᠠᠰᠠᠭ ᠳ᠋ᠠ ᠯᠠᠮᠠ ᠶᠢᠨ ᠵᠤᠴᠢᠨ ᠤᠭᠳᠠᠬᠤ ᠪᠤᠶᠤ ᠠᠭᠤᠯᠵᠠᠬᠤ ᠭᠠᠵᠠᠷ ᠪᠤᠯᠤᠨ᠎ᠠ᠃    ᠰᠤᠶᠤᠯ ᠵᠤᠬᠢᠰᠳᠤ ᠬᠡᠶᠢᠳ ᠢ ᠡᠩᠬᠡ ᠠᠮᠤᠭᠤᠯᠠᠩ ᠤᠨ ᠶᠢᠰᠦᠳᠦᠭᠡᠷ ᠤᠨ ᠲᠠᠷᠤᠢ 1670 ᠤᠨ ᠪᠠᠶᠢᠭᠤᠯᠵᠠᠢ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号