ᠨᠢᠬᠡᠨ ᠡᠳᠦᠷ᠂ ᠪᠠᠯᠭᠠᠠᠰᠠᠩ ᠸᠠᠩ ᠨᠤᠶᠠᠨ ᠤ ᠮᠤᠷᠢ ᠪᠠᠨ ᠤᠨᠤᠭᠠᠳ ᠢᠷᠡᠭᠦ ᠵᠠᠮ ᠲᠡᠬᠡᠷ᠎ᠡ ᠨᠢ ᠨᠢᠬᠡᠨ ᠪᠦᠭᠳᠦᠬᠡᠷ | ᠮᠤᠳᠦ ᠶᠢ ᠲᠦᠰᠢᠬᠡᠳ ᠵᠤᠭᠰᠤᠵᠦ ᠪᠠᠶᠢᠪᠠ ᠬᠡᠨ᠎ᠡ᠃ ᠸᠠᠩ ᠨᠤᠶᠠᠨ ᠮᠤᠷᠢ ᠪᠠᠨ ᠤᠨᠤᠵᠦ ᠭᠦᠷᠴᠦ ᠢᠷᠡᠬᠡᠳ | ᠪᠠᠯᠭᠠᠠᠰᠠᠩ ᠳᠤ᠄ ︽ᠴᠢ ᠴᠢᠨᠢ ᠬᠤᠳᠠᠯ ᠬᠡᠯᠡᠭᠦ ᠳᠤ ᠪᠠᠨ ᠰᠠᠶᠢᠨ ᠬᠡᠰᠡᠨ᠂ ᠨᠠᠮᠠᠢᠢ ᠨᠢᠬᠡ ᠬᠤᠳᠠᠯ ᠬᠡᠯᠡᠴᠢᠬᠡ ᠳ᠋ᠠ︾ | ᠬᠡᠭᠦ ᠳᠤ᠂ ᠪᠠᠯᠭᠠᠠᠰᠠᠩ᠄ ︽ᠪᠢ ᠬᠤᠳᠠᠯ ᠬᠡᠯᠡᠭᠦ ᠤᠭᠤᠳᠠ ᠪᠠᠨ ᠠᠪᠴᠢᠷᠠᠭᠰᠠᠨ ᠦᠬᠡᠢ᠂ ᠲᠠᠬᠢᠭᠠᠳ ᠬᠡᠯᠡᠪᠡᠯ ᠡᠨᠡ | ᠪᠦᠭᠳᠦᠬᠡᠷ ᠮᠤᠳᠦ ᠤᠨᠠᠬᠤ ᠬᠡᠤᠨ ᠪᠢ ᠲᠦᠰᠢᠵᠦ ᠪᠠᠶᠢᠨ᠎ᠠ︾ ᠬᠡᠭᠦ ᠳᠤ᠂ ᠸᠠᠩ ᠨᠤᠶᠠᠨ᠄ ︽ᠪᠢ ᠮᠤᠳᠦ ᠶᠢ | ᠲᠦᠰᠢᠵᠦ ᠪᠠᠶᠢᠶ᠎ᠠ᠂ ᠴᠢ ᠮᠢᠨᠤ ᠮᠤᠷᠢ ᠶᠢ ᠤᠨᠤᠵᠦ ᠬᠠᠷᠢᠭᠠᠳ ᠬᠤᠳᠠᠯ ᠬᠡᠯᠡᠭᠦ ᠤᠭᠤᠳᠠ ᠪᠠᠨ ᠠᠪᠤᠭᠠᠳ ᠢᠷ᠎ᠡ︾ | ᠬᠡᠪᠡ᠃ ᠪᠠᠯᠭᠠᠠᠰᠠᠩ ᠲᠤᠷᠠᠳᠠᠢ ᠵᠦᠪᠰᠢᠶᠡᠷᠡᠵᠦ ᠮᠤᠷᠢ ᠶᠢ ᠤᠨᠤᠵᠦ ᠶᠠᠪᠤᠭᠠᠳ ᠲᠠᠬᠢᠵᠦ ᠪᠤᠴᠠᠵᠦ ᠢᠷᠡᠭᠰᠡᠨ ᠦᠬᠡᠢ | ᠬᠡᠨ᠎ᠡ᠃ | | ︵ᠬᠡᠬᠡᠨᠳᠢᠪ ᠡᠮᠬᠢᠳᠬᠡᠪᠡ︶ |