ᠲᠤᠯᠤᠭᠠᠢ ᠶᠢᠨ ᠭᠦᠨᠳᠦ ᠶᠢ ᠬᠡᠮᠵᠢᠭᠰᠡᠨ ᠨᠢ
ᠨᠡᠶᠢᠲᠡᠯᠡᠭᠰᠡᠨ ᠴᠠᠭ᠄
2024/9/13
    ᠭᠦᠷᠢᠶ᠎ᠡ ᠨᠤᠳᠤᠭ ᠲᠤ ᠪᠠᠯᠭᠠᠠᠰᠠᠩ᠂ ᠠᠹᠠᠨᠲ᠋ᠢ ᠰᠢᠭ᠋ ᠲᠠᠷᠢᠬᠢ ᠲᠤᠯᠤᠭᠠᠢ ᠰᠠᠴᠡᠨ ᠰᠡᠷᠭᠦᠯᠡᠩ ᠨᠢᠬᠡᠨ ᠠᠷᠠᠳ ᠤᠯᠠᠨ ᠤ ᠲᠦᠯᠦᠬᠡᠯᠡᠭᠴᠢ ᠲᠦᠷᠢ ᠪᠠᠶᠢᠭᠰᠠᠨ ᠬᠡᠨ᠎ᠡ᠃     ᠨᠢᠬᠡᠨ ᠡᠳᠦᠷ᠂ ᠲᠡᠷᠡ ᠠᠳᠠ ᠲᠡᠨᠳᠠ ᠲᠤᠭᠤᠷᠢᠵᠦ ᠶᠠᠪᠤᠭᠰᠠᠭᠠᠷ ᠭᠠᠳᠠᠨ᠎ᠠ ᠤᠷᠤᠨ ᠤ ᠨᠢᠬᠡᠨ ᠬᠠᠷᠬᠢᠰ ᠸᠠᠩ ᠨᠤᠶᠠᠨ ᠳᠤ ᠲᠠᠭᠤᠳᠠᠭᠳᠠᠨ ᠤᠷᠳᠤᠨ ᠳᠤ ᠨᠢ ᠤᠷᠤᠵᠠᠢ᠃ ᠸᠠᠩ ᠨᠤᠶᠠᠨ ᠲᠡᠷᠡ ᠭᠦᠮᠦᠨ ᠢ ᠠᠵᠢᠵᠦ ᠦᠵᠡᠬᠡᠳ ︽ᠴᠢᠮᠠᠢᠢ ᠬᠡᠨ ᠢ ᠪᠤᠯᠪᠠᠴᠦ ᠬᠡᠯᠡᠵᠦ ᠭᠠᠷᠤᠨ᠎ᠠ᠂ ᠬᠡᠨ ᠢ ᠪᠤᠯᠪᠠᠴᠦ ᠤᠬᠠᠭᠠᠯᠠᠵᠦ ᠲᠡᠶᠢᠯᠭᠦ ᠰᠡᠴᠡᠨ ᠮᠡᠷᠬᠡᠨ ᠬᠡᠵᠦ ᠰᠤᠨᠤᠰᠤᠯ᠎ᠠ᠂ ᠦᠨᠦᠳᠦᠷ ᠴᠢ ᠮᠢᠨᠤ ᠲᠤᠯᠤᠭᠠᠢ ᠬᠡᠳᠦᠢ ᠵᠢᠩ ᠪᠠᠶᠢᠬᠤ ᠶᠢ ᠬᠡᠯᠡᠵᠦ ᠭᠠᠷᠭ᠎ᠠ᠃ ᠲᠠᠭᠠᠷᠠᠭᠤᠯᠵᠦ ᠲᠡᠶᠢᠯᠭᠦ ᠦᠬᠡᠢ ᠪᠤᠯ ᠴᠢ ᠡᠨᠡ ᠤᠷᠳᠤᠨ ᠠᠴᠠ ᠠᠮᠢᠳᠦ ᠪᠠᠷ ᠭᠠᠷᠤᠨ᠎ᠠ ᠬᠡᠵᠦ ᠪᠢᠳᠡᠬᠡᠢ ᠰᠠᠨᠠ︕︾ ᠬᠡᠪᠡ᠃     ᠲᠡᠷᠡ ᠭᠦᠮᠦᠨ ᠠᠶᠤᠵᠦ ᠰᠠᠨᠳᠤᠷᠤᠯ ᠦᠬᠡᠢ ᠪᠠᠷ᠄ ︽ᠡᠷᠬᠢᠮ ᠭᠦᠨᠳᠦᠳᠦ ᠸᠠᠩ ᠲᠠᠨ ᠤ ᠲᠤᠯᠤᠭᠠᠢ ᠲᠤᠯᠤᠭᠠᠨ ᠵᠢᠩ ᠲᠤᠯᠤᠭᠠᠨ ᠯᠠᠩ ᠲᠤᠯᠤᠭᠠᠨ ᠴᠢᠨ ᠲᠤᠯᠤᠭᠠᠨ ᠴᠢᠶᠠᠨ ᠪᠠᠶᠢᠨ᠎ᠠ︾ ᠬᠡᠪᠡ᠃ ᠸᠠᠩ ᠨᠤᠶᠠᠨ ︽ᠲᠠᠭᠠᠷᠠᠬᠤ ᠦᠬᠡᠢ︾ ᠬᠡᠪᠡ᠃ ᠲᠡᠷᠡ ᠮᠡᠷᠬᠡᠨ ᠡᠷ᠎ᠡ᠄ ︽ᠨᠤᠶᠠᠨ ᠡ᠂ ᠲᠠᠭᠠᠷᠠᠨ᠎ᠠ᠂ ᠢᠳᠡᠬᠡᠭᠦ ᠦᠬᠡᠢ ᠪᠤᠯ ᠲᠠᠨ ᠤ ᠲᠤᠯᠤᠭᠠᠢ ᠶᠢ ᠴᠢᠨᠢ ᠤᠭᠳᠤᠯᠵᠦ ᠠᠪᠤᠭᠠᠳ ᠵᠢᠩᠯᠡᠵᠦ ᠦᠭᠭᠦᠶ᠎ᠡ︾ ᠬᠡᠵᠦ ᠭᠤᠶᠤᠪᠠ᠃ ᠡᠭᠦᠨ ᠢ ᠰᠤᠨᠤᠰᠤᠭᠰᠠᠨ ᠸᠠᠩ ᠨᠤᠶᠠᠨ ᠰᠡᠬᠡᠰᠬᠢᠵᠦ ᠪᠠᠰᠠ ᠰᠤᠴᠢᠰᠬᠢᠵᠦ ᠮᠡᠷᠬᠡᠨ ᠡᠷ᠎ᠡ ᠶᠢ ᠤᠷᠳᠤᠨ ᠠᠴᠠ ᠪᠠᠨ ᠬᠤᠷᠳᠤᠬᠠᠨ ᠭᠦᠬᠡᠬᠡᠵᠦ ᠭᠠᠷᠭᠠᠵᠠᠢ᠃                                               ︵ᠬᠡᠬᠡᠨᠳᠢᠪ ᠡᠮᠬᠢᠳᠬᠡᠪᠡ︶
 
ᠢᠷᠡᠯᠲᠡ᠄ ᠭᠦᠷᠢᠶ᠎ᠡ ᠬᠤᠰᠢᠭᠤᠨ ᠤ ᠰᠤᠶᠤᠯ ᠰᠤᠳᠤᠯᠤᠯ ᠤᠨ ᠴᠤᠪᠤᠷᠠᠯ ᠪᠢᠴᠢᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号