ᠡᠷᠳᠠ ᠤᠷᠢᠳᠦ ᠴᠠᠭ ᠲᠤ᠂ ᠦᠷ᠎ᠡ ᠬᠡᠤᠬᠡᠳ ᠦᠬᠡᠢ ᠭᠦᠭᠰᠢᠨ ᠡᠷ᠎ᠡ ᠡᠮ᠎ᠡ ᠬᠤᠶᠠᠭᠤᠯᠠ ᠪᠠᠨ ᠡᠳᠦᠷ ᠪᠦᠷᠢ | ᠠᠭᠤᠯᠠᠨ ᠠᠴᠠ ᠲᠦᠯᠡᠭᠡ ᠬᠠᠳᠤᠨ ᠬᠤᠳᠠᠯᠳᠤᠭᠠᠳ ᠠᠮᠢᠳᠤᠷᠠᠵᠦ ᠪᠠᠶᠢᠵᠠᠢ᠃ ᠡᠳᠦᠷ ᠪᠤᠯᠪᠠᠯ ᠡᠪᠤᠬᠡᠨ ᠨᠢ ᠲᠦᠯᠡᠭᠡ | ᠬᠠᠳᠤᠵᠦ᠂ ᠭᠦᠭᠰᠢᠨ ᠨᠢ ᠤᠴᠢᠵᠦ ᠡᠭᠦᠷᠴᠦ ᠢᠷᠡᠬᠡᠳ ᠡᠪᠤᠬᠡᠨ ᠢᠶᠠᠨ ᠢᠷᠡᠳᠠᠯᠠ ᠪᠤᠳᠠᠭ᠎ᠠ ᠪᠠᠨ | ᠪᠡᠯᠡᠳᠬᠡᠳᠡᠭ ᠬᠡᠨ᠎ᠡ᠃ ᠬᠡᠵᠢᠶ᠎ᠡ ᠠᠴᠠ ᠶᠢ ᠪᠤᠤ ᠮᠠᠳᠠ᠂ ᠭᠦᠭᠰᠢᠨ ᠲᠦᠯᠡᠭᠡ ᠡᠭᠦᠷᠴᠦ ᠬᠠᠭᠠᠰ ᠵᠠᠮ ᠵᠠᠭᠤᠷ᠎ᠠ ᠪᠤᠯᠬᠤ | ᠦᠶ᠎ᠡ ᠳᠤ ᠨᠢᠬᠡᠨ ᠡᠪᠡᠰᠦᠨ ᠮᠠᠯᠠᠭᠠᠢ ᠡᠮᠦᠰᠦᠭᠰᠡᠨ ᠭᠦᠮᠦᠨ ᠬᠤᠶᠢᠨ᠎ᠠ ᠠᠴᠠ ᠲᠠᠭᠠᠨ ᠶᠠᠭ ᠲᠦᠯᠡᠭᠡ ᠶᠢ ᠨᠢ ᠡᠷᠭᠦᠵᠦ | ᠪᠠᠶᠢᠬᠤ ᠮᠠᠶ᠋ᠢᠭᠳᠠᠢ ᠬᠡᠨ᠎ᠡ᠂ ᠲᠡᠷᠡ ᠭᠦᠭᠰᠢᠨ ᠬᠠᠮᠢᠶᠠᠷᠤᠯ ᠦᠬᠡᠢ ᠮᠦᠷᠳᠡᠬᠡᠨ ᠦᠯᠦ ᠮᠠᠳᠠᠨ᠎ᠠ᠂ ᠬᠡᠷ ᠲᠤ ᠪᠠᠨ | ᠤᠷᠤᠬᠤ ᠳᠤ ᠲᠠᠭᠠᠭᠠᠳ ᠤᠷᠤᠳᠠᠭ ᠬᠡᠨ᠎ᠡ᠃ ᠡᠳᠦᠷ ᠤᠳᠠᠵᠦ ᠠᠶᠢᠯ ᠤᠨ ᠭᠦᠮᠦᠰ ᠬᠠᠵᠠᠭᠤ ᠠᠴᠠ ᠨᠢ ᠤᠯᠵᠦ | ᠦᠵᠡᠬᠡᠳ ᠡᠶᠢᠮᠦ ᠲᠠᠶᠢᠮᠦ ᠬᠡᠵᠦ ᠬᠡᠯᠡᠯᠴᠡᠬᠡᠨ ᠪᠤᠯᠵᠦ ᠨᠢᠬᠡ ᠠᠴᠠ ᠬᠤᠶᠠᠷ᠂ ᠬᠤᠶᠠᠷ ᠠᠴᠠ ᠭᠤᠷᠪᠠ ᠳᠤ ᠲᠠᠮᠵᠢᠨ᠂ | ᠡᠪᠤᠬᠡᠨ ᠤ ᠬᠢᠨᠢ ᠴᠢᠬᠢᠨ ᠳᠤ ᠭᠦᠷᠪᠡ᠃ ᠨᠢᠬᠡᠨ ᠡᠳᠦᠷ᠂ ᠭᠦᠭᠰᠢᠨ ᠨᠢ ᠲᠦᠯᠡᠭᠡ ᠪᠠᠨ ᠡᠭᠦᠷᠦᠬᠡᠳ ᠶᠠᠪᠤᠯ᠎ᠠ᠂ | ᠡᠪᠤᠬᠡᠨ ᠨᠢ ᠴᠤᠬᠤᠮ ᠶᠠᠭᠤ ᠪᠤᠯᠬᠤ ᠶᠢ ᠦᠵᠡᠶ᠎ᠡ ᠬᠡᠳ ᠬᠤᠶᠢᠨ᠎ᠠ ᠠᠴᠠ ᠨᠢ ᠰᠡᠮᠡᠬᠡᠷ ᠬᠡᠳᠡᠨ ᠲᠠᠭᠠᠵᠦ ᠬᠠᠭᠠᠰ ᠵᠠᠮ | ᠵᠠᠭᠤᠷ᠎ᠠ ᠬᠡᠨᠡᠳᠳᠠ ᠨᠢᠬᠡᠨ ᠡᠪᠡᠰᠦᠨ ᠮᠠᠯᠠᠭᠠᠢ ᠡᠮᠦᠰᠦᠭᠰᠡᠨ ᠭᠦᠮᠦᠨ ᠭᠠᠷᠴᠦ ᠢᠷᠡᠬᠡᠳ ᠡᠬᠡᠨᠡᠷ ᠤᠨ ᠬᠢᠨᠢ ᠲᠦᠯᠡᠭᠡ | ᠶᠢ ᠡᠷᠭᠦᠭᠦ ᠮᠠᠶ᠋ᠢᠭᠳᠠᠢ ᠬᠤᠶᠢᠨ᠎ᠠ ᠠᠴᠠ ᠨᠢ ᠲᠠᠭᠠᠵᠦ ᠶᠠᠪᠤᠨ᠎ᠠ᠂ ᠭᠦᠭᠰᠢᠨ ᠨᠢ ᠴᠦ ᠦᠯᠦ ᠮᠡᠳᠡᠭᠴᠢ ᠶᠠᠪᠤᠵᠦ ᠯᠡ | ᠪᠠᠶᠢᠨ᠎ᠠ᠃ ᠡᠪᠤᠬᠡᠨ ᠭᠠᠶᠢᠬᠠᠵᠦ ᠬᠡᠳᠦᠢ ᠯᠠᠪᠯᠠᠭᠰᠠᠨ ᠴᠦ ᠵᠢᠰᠦ ᠨᠢ ᠦᠵᠡᠭᠳᠡᠭᠦ ᠦᠬᠡᠢ᠂ ᠮᠦᠷ ᠢ ᠨᠢ ᠦᠵᠡᠪᠡᠰᠦ | ᠶᠠᠭ ᠱᠦᠭᠦᠷ ᠴᠢᠷᠦᠭᠰᠡᠨ ᠮᠠᠳᠦ ᠲᠤᠳᠦ ᠦᠬᠡᠢ᠃ ᠦᠵᠡᠵᠦ ᠪᠠᠶᠢᠳᠠᠯ᠎ᠠ ᠭᠦᠭᠰᠢᠨ ᠨᠢ ᠲᠦᠯᠡᠭᠡ ᠪᠠᠨ ᠡᠭᠦᠷᠦᠬᠡᠳ | ᠡᠷᠬᠢᠵᠦ ᠬᠠᠷᠠᠭᠰᠠᠨ ᠦᠬᠡᠢ ᠬᠡᠷ ᠲᠤ ᠪᠠᠨ ᠤᠷᠤᠯ᠎ᠠ᠂ ᠲᠡᠷᠡ ᠭᠦᠮᠦᠨ ᠴᠦ ᠠᠷᠦ ᠠᠴᠠ ᠨᠢ ᠲᠠᠭᠠᠵᠦ ᠤᠷᠤᠪᠠ᠃ | ᠡᠪᠤᠬᠡᠨ ᠬᠡᠷ ᠲᠤ ᠪᠠᠨ ᠤᠷᠤᠭᠠᠳ ᠦᠵᠡᠭᠦᠯᠡᠷ ᠦᠬᠡᠷ᠎ᠡ ᠭᠦᠮᠦᠨ ᠦᠬᠡᠢ᠂ ᠵᠡᠭᠦᠨ ᠲᠠᠰᠤᠯᠭ᠎ᠠ ᠬᠡᠷ ᠲᠤ ᠪᠠᠨ | ᠤᠷᠤᠵᠦ ᠯᠠᠪᠯᠠᠨ ᠦᠵᠡᠭᠦᠯ᠎ᠡ ᠬᠡᠷ ᠤᠨ ᠪᠤᠯᠤᠩ ᠳᠤ ᠪᠦᠮᠪᠤᠯᠵᠠᠭᠦᠯᠦᠨ ᠤᠷᠢᠶᠠᠨ ᠪᠤᠰᠬᠠᠵᠦ ᠲᠠᠯᠪᠢᠭᠰᠠᠨ ᠴᠢᠬᠢᠷᠰᠦᠨ | ᠲᠡᠬᠡᠷ᠎ᠡ ᠨᠢᠬᠡᠨ ᠮᠠᠭᠤ ᠡᠪᠠᠰᠤᠨ ᠮᠠᠯᠠᠭᠠᠢ ᠡᠯᠭᠦᠵᠦ ᠪᠠᠶᠢᠨ᠎ᠠ᠃ ᠢᠩᠬᠢᠬᠡᠳ ᠲᠡᠷᠡ ᠭᠦᠮᠦᠨ ᠤ ᠬᠠᠮᠢᠭ᠎ᠠ ᠨᠢᠭᠤᠵᠦ | ᠪᠠᠶᠢᠬᠤ ᠶᠢ ᠮᠡᠳᠡᠬᠡᠳ᠂ ᠪᠤᠳᠠᠭ᠎ᠠ ᠪᠠᠨ ᠢᠳᠡᠵᠦ ᠪᠠᠷᠠᠭᠰᠠᠨ ᠤ ᠲᠠᠷᠠᠭ᠎ᠠ᠂ ᠭᠠᠭ᠋ᠠᠢ ᠠᠯᠠᠬᠤ ᠬᠢᠳᠤᠭ᠎ᠠ ᠪᠠᠨ ᠪᠠᠷᠢᠵᠦ | ᠵᠡᠭᠦᠨ ᠲᠠᠰᠤᠯᠭ᠎ᠠ ᠬᠡᠷ ᠲᠤ ᠪᠠᠨ ᠤᠷᠤᠭᠠᠳ ᠪᠤᠯᠤᠩ ᠳᠤ ᠪᠤᠰᠬᠠᠵᠦ ᠪᠠᠶᠢᠭᠰᠠᠨ ᠴᠢᠬᠢᠷᠰᠦᠨ ᠤ ᠭᠠᠳᠠᠨ᠎ᠠ ᠠᠴᠠ | ᠴᠢᠨᠡᠭᠡ ᠮᠠᠳᠠᠨ ᠴᠢᠴᠢᠯᠠ ︽ᠦ︕ ᠦ︕︾ ᠬᠡᠵᠦ ᠵᠢᠬᠡᠭᠦᠨ ᠢᠶᠠᠷ ᠲᠤᠤᠭᠠᠷᠬᠤ ᠶᠢᠨ ᠵᠡᠷᠬᠡᠴᠡᠭᠡ ᠭᠦᠷᠡᠩ | ᠤᠯᠠᠭᠠᠨ ᠴᠢᠰᠦ ᠭᠤᠰ ᠬᠡᠵᠦ ᠭᠠᠷᠤᠯ᠎ᠠ᠃ ᠭᠦᠭᠰᠢᠨ ᠨᠢ ᠰᠠᠨᠳᠦᠷᠴᠦ᠄ ︽ᠶᠠᠭᠤ ᠪᠤᠯᠪᠠ︖︾ ᠬᠡᠵᠦ ᠭᠦᠶᠦᠵᠦ | ᠢᠷᠡᠬᠡᠳ ᠦᠵᠡᠭᠦᠯ᠎ᠠ ᠴᠢᠬᠢᠷᠰᠦᠨ ᠠᠴᠠ ᠴᠢᠰᠦ ᠤᠷᠬᠢᠯᠵᠦ ᠯᠠ ᠪᠠᠶᠢᠨ᠎ᠠ᠃ ᠬᠤᠶᠠᠷ ᠭᠦᠭᠰᠢᠨ᠄ ︽ᠡᠨᠡ ᠴᠤᠬᠤᠮ | ᠶᠠᠭᠤ ᠪᠤᠢ︕︾ ᠬᠡᠵᠦ ᠴᠢᠭᠢᠷᠰᠦ ᠶᠢ ᠠᠯᠳᠠᠷᠠᠭᠠᠵᠦ ᠦᠵᠡᠭᠦᠯ᠎ᠡ ᠬᠠᠷᠢᠨ ᠨᠢᠬᠡᠨ ᠭᠦᠭᠰᠢᠨ ᠴᠢᠨ᠋ᠸ᠎ᠠ ᠪᠠᠶᠢᠭᠰᠠᠨ | ᠬᠡᠨ᠎ᠡ᠃ | ︵ᠬᠡᠷᠡᠯ ᠬᠡᠯᠡᠵᠦ᠂ ᠪᠠᠭᠠᠳᠤᠷ ᠲᠡᠮᠳᠡᠭᠯᠡᠪᠡ︶ |