ᠬᠡᠤᠬᠡᠳ ᠤᠨ ᠪᠦᠭᠰᠡᠨ ᠳᠤ ᠭᠤᠷᠪᠠᠨ ᠬᠤᠪᠤᠩ ᠭᠠᠯ ᠲᠠᠢ
ᠨᠡᠶᠢᠲᠡᠯᠡᠭᠰᠡᠨ ᠴᠠᠭ᠄
2024/11/14
   ᠨᠢᠬᠡ ᠯᠠᠮᠠ ᠳᠤ ᠭᠤᠷᠪᠠᠨ ᠱᠠᠪᠢ ᠲᠠᠢ ᠬᠡᠨ᠎ᠡ᠃ ᠡᠨᠡ ᠭᠤᠷᠪᠠᠨ ᠱᠠᠪᠢ ᠨᠢ ᠪᠠᠭᠰᠢ ᠯᠠᠮᠠ ᠳᠤ ᠪᠠᠨ᠄ ︽ᠪᠢᠳᠠ ᠲᠠᠭᠠᠷᠠᠵᠦ ᠪᠠᠶᠢᠨ᠎ᠠ︾ ᠬᠡᠵᠦ ᠬᠡᠯᠡᠭᠦ ᠳᠤ᠂ ᠪᠠᠭᠰᠢ ᠨᠢ᠄ ︽ᠬᠡᠤᠬᠡᠳ ᠤᠨ ᠪᠦᠭᠰᠡᠨ ᠳᠤ ᠭᠤᠷᠪᠠᠨ ᠬᠤᠪᠤᠩ ᠭᠠᠯ  ᠲᠠᠢ ᠶᠤᠮ᠂ ᠶᠠᠭᠠᠬᠢᠭᠠᠳ ᠲᠠᠭᠠᠷᠠᠭᠠᠳ ᠯᠡ ᠪᠠᠶᠢᠬᠤ ᠪᠤᠢ︖︾ ᠬᠡᠵᠦ ᠠᠭᠤᠷᠯᠠᠭᠰᠠᠨ ᠬᠡᠨ᠎ᠡ᠃     ᠨᠢᠬᠡᠨ ᠡᠳᠦᠷ᠂ ᠪᠠᠭᠰᠢ ᠨᠢ ᠴᠠᠢ ᠤᠤᠭᠤᠬᠤ ᠤᠰᠦ ᠪᠤᠴᠠᠭᠠᠯᠭᠠᠬᠤ ᠬᠡᠭᠦ ᠳᠤ᠂ ᠭᠤᠷᠪᠠᠨ ᠱᠠᠪᠢ ᠨᠢ ᠲᠡᠪᠤᠷ᠎ᠠ  ᠲᠠᠢ ᠤᠰᠦ ᠪᠠᠨ ᠲᠤᠭᠤᠷᠢᠭᠠᠳ ᠰᠠᠭᠤᠵᠦ ᠪᠠᠶᠢᠵᠠᠢ᠃ ᠤᠳᠠᠵᠦ ᠤᠳᠠᠭᠠᠳ ᠪᠤᠴᠠᠯᠤᠭᠰᠠᠨ ᠤᠰᠦ ᠢᠷᠡᠭᠦ ᠦᠬᠡᠢ  ᠪᠤᠯᠬᠤ ᠳᠤ᠂  ᠪᠠᠭᠰᠢ ᠨᠢ  ᠪᠡᠶ᠎ᠡ   ᠪᠠᠷ ᠢᠶᠠᠨ  ᠭᠦᠷᠴᠦ᠄  ︽ᠪᠤᠴᠠᠯᠤᠭᠰᠠᠨ ᠤᠰᠦ ᠴᠢᠨᠢ︖︾ ᠬᠡᠵᠦ ᠠᠰᠠᠭᠤᠬᠤ ᠳᠤ᠄ ︽ᠠᠳᠠ ᠪᠤᠴᠠᠯᠭᠠᠵᠦ ᠪᠠᠶᠢᠨ᠎ᠠ︾ ᠬᠡᠵᠦ ᠬᠡᠯᠡᠪᠡ᠃ ︽ᠭᠠᠯ ᠲᠦᠯᠡᠭᠦ ᠦᠬᠡᠢ ᠪᠠᠷ ᠶᠠᠭᠠᠬᠢᠨ ᠪᠤᠴᠠᠯᠭᠠᠬᠤ ᠪᠤᠢ︖︾ ᠬᠡᠵᠦ ᠠᠭᠤᠷᠯᠠᠬᠤ ᠳᠤ᠂ ᠭᠤᠷᠪᠠᠨ ᠱᠠᠪᠢ ᠨᠢ ︽ᠪᠢᠳᠠ ᠭᠤᠷᠪᠠᠨ ᠶᠢᠨ ᠪᠦᠭᠰᠡᠨ ᠳᠠᠬᠢ ᠶᠢᠰᠦᠨ ᠬᠤᠪᠤᠩ ᠭᠠᠯ ᠶᠠᠭᠠᠬᠢᠭᠰᠠᠨ ᠴᠦ ᠪᠤᠴᠠᠯᠭᠠᠵᠦ ᠲᠠᠶᠢᠯᠦᠨ᠎ᠠ︾ ᠬᠡᠵᠦ ᠬᠡᠯᠡᠭᠰᠡᠨ ᠬᠡᠨ᠎ᠡ᠃                                                                                                                     ︵ᠬᠡᠬᠡᠨᠳᠢᠪ ᠡᠮᠬᠢᠳᠬᠡᠪᠡ︶
 
ᠢᠷᠡᠯᠲᠡ᠄ ᠭᠦᠷᠢᠶ᠎ᠡ ᠲᠡᠤᠬᠡ ᠰᠤᠶᠤᠯ ᠰᠤᠳᠤᠯᠤᠯ ᠤᠨ ᠴᠤᠪᠤᠷᠠᠯ ᠪᠢᠴᠢᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号