ᠠᠯᠳᠠᠨ ᠪᠤᠷᠴᠠᠭ
ᠨᠡᠶᠢᠲᠡᠯᠡᠭᠰᠡᠨ ᠴᠠᠭ᠄
2024/6/20
    ᠡᠷᠳᠠ ᠴᠠᠭ ᠲᠤ᠂ ᠠᠬ᠎ᠠ ᠲᠠᠭᠦᠦ ᠬᠤᠶᠠᠷ ᠪᠠᠶᠢᠵᠦ ᠬᠡᠨ᠎ᠡ᠃ ᠠᠬ᠎ᠠ ᠨᠢ ᠲᠤᠩ ᠪᠠᠶᠠᠨ᠂ ᠠᠰᠠᠷ ᠲᠠᠭᠳᠦ ᠪᠠ ᠤᠯᠠᠨ ᠮᠠᠯ ᠲᠠᠢ ᠪᠠᠶᠢᠵᠠᠢ᠃ ᠬᠡᠪᠡᠴᠦ ᠲᠡᠭᠦᠦ ᠨᠢ ᠨᠢᠬᠡᠬᠡᠨ ᠭᠦᠷᠢᠶ᠎ᠡ ᠬᠠᠰᠢᠶ᠎ᠠ ᠪᠠ ᠨᠢᠬᠡᠬᠡᠨ ᠡᠯᠵᠢᠬᠡ ᠠᠴᠠ ᠤᠨᠳᠦᠦ ᠶᠠᠭᠤ ᠴᠦ ᠦᠬᠡᠢ ᠪᠠᠶᠢᠵᠠᠢ᠃     ᠨᠢᠬᠡᠨ ᠡᠳᠦᠷ᠂ ᠲᠠᠭᠦᠦ ᠨᠢ ᠡᠯᠵᠢᠬᠡ ᠪᠠᠨ ᠭᠦᠳᠦᠯᠦᠨ ᠠᠭᠤᠯᠠᠨ ᠪᠠᠯ ᠲᠡᠬᠡᠷ᠎ᠡ ᠶᠠᠪᠤᠵᠦ ᠪᠠᠶᠢᠳᠠᠯ᠎ᠠ ᠨᠢᠬᠡᠨ ᠲᠠᠷᠢᠶᠠᠴᠢᠨ ᠲᠠᠷᠪᠤᠰ ᠲᠠᠷᠢᠵᠦ ᠪᠠᠶᠢᠬᠤ ᠲᠠᠢ ᠠᠭᠤᠯᠵᠠᠪᠠ᠃ ᠲᠡᠷᠡ ᠲᠠᠷᠢᠶᠠᠴᠢᠨ ᠲᠠᠷᠢᠶᠠᠨ ᠳᠤ ᠦᠷ᠎ᠡ ᠬᠢᠭᠦ ᠬᠡᠵᠦ ᠪᠠᠶᠢᠭ᠎ᠠ ᠲᠤᠮᠤ ᠲᠠᠷᠪᠤᠰ ᠢᠶᠠᠨ ᠠᠪᠠᠴᠢᠵᠦ ᠲᠡᠶᠢᠯᠭᠦ ᠦᠬᠡᠢ ᠰᠠᠨᠠᠭ᠎ᠠ ᠠᠯᠳᠠᠨ ᠰᠠᠭᠤᠵᠦ ᠪᠠᠶᠢᠪᠠ᠃ ᠡᠭᠦᠨ ᠢ ᠦᠵᠡᠭᠰᠡᠨ ᠰᠠᠶᠢᠨ ᠰᠡᠳᠬᠢᠯᠳᠦ ᠲᠡᠭᠦᠦ ᠡᠯᠵᠢᠬᠡᠨ ᠳᠤ ᠪᠠᠨ ᠠᠴᠢᠵᠦ  ᠠᠪᠠᠴᠢᠵᠦ  ᠦᠭᠪᠡ᠃  ᠲᠠᠷᠢᠶᠠᠴᠢᠨ  ᠡᠪᠤᠬᠡᠨ  ᠡᠨᠡ  ᠠᠴᠢ ᠶᠢ  ᠬᠠᠷᠢᠭᠤᠯᠠᠬᠤ ᠶᠢᠨ  ᠲᠦᠯᠦᠬᠡ  ᠨᠢᠬᠡᠨ  ᠨᠢᠭᠤᠴᠠ ᠶᠢ ᠬᠡᠯᠡᠵᠦ ᠦᠭᠪᠡ᠃ ᠡᠨᠡ ᠨᠢᠭᠤᠴᠠ ᠨᠢ ᠲᠠᠷᠤᠢ᠄ ᠡᠨᠡ ᠲᠠᠷᠪᠤᠰ ᠢ ᠵᠡᠭᠦᠨ ᠠᠭᠤᠯᠠᠨ ᠤ ᠠᠭᠤᠢ ᠳᠤ ᠤᠴᠢᠵᠦ᠂ ᠲᠡᠬᠡᠷ᠎ᠡ ᠨᠢ ︽×︾ ᠲᠡᠮᠳᠡᠭ ᠵᠢᠷᠤᠪᠠᠯ ᠲᠠᠷᠤᠢ ᠠᠭᠤᠢ ᠨᠡᠬᠡᠬᠡᠭᠳᠡᠵᠦ ᠠᠯᠳᠠᠨ ᠪᠤᠷᠴᠠᠭ ᠢ ᠤᠯᠵᠦ ᠲᠠᠶᠢᠯᠤᠨ᠎ᠠ᠃ ᠲᠡᠭᠦᠦ ᠨᠢ ᠲᠠᠷᠢᠶᠠᠴᠢᠨ ᠡᠪᠤᠬᠡᠨ ᠤ ᠬᠡᠯᠡᠭᠰᠡᠨ ᠢᠶᠠᠷ ᠬᠢᠭᠰᠡᠨ ᠳᠤ ᠦᠨᠡᠬᠡᠷ ᠠᠯᠳᠠᠨ ᠪᠤᠷᠴᠠᠭ ᠲᠡᠭᠦᠦ ᠶᠢᠨ ᠬᠢᠨᠢ ᠡᠮᠦᠨ᠎ᠡ ᠢᠯᠡᠷᠡᠪᠡ᠃ ᠲᠡᠭᠦᠦ  ᠨᠢ ᠠᠯᠳᠠᠨ ᠪᠤᠷᠴᠠᠭ ᠢ ᠠᠷᠠᠯᠵᠢᠶᠠᠯᠠᠵᠦ ᠨᠢᠬᠡ ᠪᠦᠯᠦᠭ ᠵᠤᠭᠤᠰ ᠤᠯᠵᠦ ᠰᠠᠶᠢᠬᠠᠨ ᠠᠮᠢᠳᠤᠷᠠᠪᠠ᠃ ᠠᠬ᠎ᠠ ᠨᠢ ᠡᠭᠦᠨ  ᠢ ᠮᠡᠳᠡᠬᠡᠳ ᠬᠤᠪᠳᠤᠭ ᠰᠢᠨᠤᠬᠠᠢ ᠰᠠᠨᠠᠭ᠎ᠠ ᠨᠢ ᠭᠦᠳᠡᠯᠵᠦ᠂ ᠲᠡᠭᠦᠦ ᠪᠠᠨ ᠭᠤᠶᠤᠪᠠ᠃ ᠲᠡᠭᠦᠦ ᠨᠢ ᠠᠬ᠎ᠠ ᠶᠢᠨ  ᠢᠶᠠᠨ ᠭᠤᠶᠤᠬᠤ ᠶᠢ ᠲᠡᠪᠴᠢᠵᠦ ᠴᠢᠳᠠᠭᠰᠠᠨ ᠦᠬᠡᠢ ᠵᠡᠭᠦᠨ ᠠᠭᠤᠯᠠᠨ ᠳᠤ ᠲᠠᠭᠠᠭᠤᠯᠤᠨ ᠤᠴᠢᠪᠠ᠃ ᠠᠬ᠎ᠠ ᠨᠢ ᠬᠤᠶᠠᠷ ᠪᠦᠰ ᠤᠭᠤᠳᠠ ᠪᠡᠯᠡᠳᠬᠡᠵᠦ ᠠᠷᠪᠢᠨ ᠠᠯᠳᠠᠨ ᠪᠤᠷᠴᠠᠭ ᠤᠯᠬᠤ ᠪᠠᠷ ᠶᠠᠪᠤᠪᠠ᠃ ᠠᠭᠤᠯᠠᠨ ᠠᠭᠤᠢ ᠳᠤ ᠤᠷᠤᠬᠤ ᠳᠤ ᠲᠡᠭᠦᠦ ᠨᠢ ᠠᠬ᠎ᠠ ᠳᠤ ᠪᠠᠨ ︽ᠬᠤᠷᠳᠤᠨ ᠭᠠᠷᠴᠦ ᠢᠷᠡᠭᠦ ᠦᠬᠡᠢ ᠪᠤᠯ ᠠᠭᠤᠢ ᠶᠢᠨ ᠡᠭᠦᠳᠠ ᠬᠠᠭᠠᠭᠳᠠᠨ᠎ᠠ︾ ᠬᠡᠪᠡ᠃ ᠬᠡᠳᠡᠯ᠎ᠡ ᠬᠤᠶᠠᠷ ᠪᠦᠰ ᠤᠭᠤᠳᠠ ᠪᠠᠨ ᠴᠢᠷᠦᠬᠡᠳ ᠠᠷᠠᠢ ᠤᠷᠤᠳᠠᠯ᠎ᠠ ᠠᠭᠤᠢ ᠶᠢᠨ ᠡᠭᠦᠳᠠ ᠭᠦᠷ ᠬᠡᠳᠡᠯ᠎ᠡ ᠬᠠᠭᠠᠭᠳᠠᠨ ᠠᠬ᠎ᠠ ᠨᠢ ᠬᠠᠪᠴᠢᠭᠳᠠᠨ ᠦᠭᠦᠪᠡ ᠬᠡᠨ᠎ᠡ᠃                                               ︵ᠬᠡᠬᠡᠨᠳᠢᠪ ᠡᠮᠬᠢᠳᠬᠡᠪᠡ︶
 
ᠢᠷᠡᠯᠲᠡ᠄ ᠭᠦᠷᠢᠶ᠎ᠡ ᠲᠡᠤᠬᠡ ᠰᠤᠶᠤᠯ ᠰᠤᠳᠤᠯᠤᠯ ᠤᠨ ᠴᠤᠪᠤᠷᠠᠯ ᠪᠢᠴᠢᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号