ᠬᠡᠤᠬᠡᠳ ᠢ ᠬᠤᠳᠠᠯ ᠬᠡᠯᠡᠵᠦ ᠪᠤᠯᠬᠤ ᠦᠬᠡᠢ
ᠨᠡᠶᠢᠲᠡᠯᠡᠭᠰᠡᠨ ᠴᠠᠭ᠄
2024/8/27
     ᠨᠢᠬᠡ ᠭᠦᠮᠦᠨ ᠤ ᠡᠬᠡᠨᠡᠷ ᠨᠢ ᠭᠠᠳᠠᠭᠰᠢ ᠭᠠᠷᠬᠤ ᠬᠡᠭᠦ ᠳᠤ ᠪᠢᠴᠢᠬᠠᠨ ᠭᠦᠦ ᠨᠢ ᠡᠬᠡ ᠪᠠᠨ ᠲᠠᠭᠠᠵᠦ ᠶᠠᠪᠤᠬᠤ ᠬᠡᠵᠦ ᠵᠠᠭᠤᠷᠠᠭᠠᠳ ᠶᠠᠭ ᠭᠦᠯᠢᠶᠡᠭᠦ ᠦᠬᠡᠢ ᠬᠡᠨ᠎ᠡ᠃ ᠬᠡᠭᠦ ᠳᠤ ᠡᠬᠡ ᠨᠢ ︽ᠮᠢᠨᠦ ᠭᠦᠦ ᠤᠬᠠᠭᠠᠨ ᠲᠠᠢ᠂ ᠬᠡᠷ ᠲᠤ ᠰᠠᠭᠤᠵᠦ ᠪᠠᠶᠢᠭᠠᠷᠠᠢ᠃ ᠪᠢ ᠪᠤᠴᠠᠵᠦ ᠢᠷᠡᠪᠡᠯ᠂ ᠡᠨᠡ ᠲᠤᠷᠤᠢ ᠶᠢ ᠠᠯᠠᠵᠦ ᠮᠢᠬ᠎ᠠ ᠶᠢ ᠨᠢ ᠢᠳᠡᠭᠦᠯᠦᠶ᠎ᠡ︾ ᠬᠡᠵᠦ ᠬᠠᠭᠤᠷᠤᠭᠠᠳ ᠶᠠᠪᠤᠭᠰᠠᠨ ᠬᠡᠨ᠎ᠡ᠃ ᠪᠤᠴᠠᠵᠦ ᠢᠷᠡᠭᠦ ᠳᠤ ᠨᠢ ᠡᠷᠡᠭᠳᠡᠢ ᠨᠢ ᠭᠠᠭ᠋ᠠᠢ ᠶᠢᠨ ᠲᠤᠷᠤᠢ ᠪᠠᠨ ᠠᠯᠠᠴᠢᠬᠠᠭᠠᠳ ᠭᠦᠦ ᠳᠤ ᠪᠠᠨ ᠢᠳᠡᠭᠦᠯᠭᠦ ᠪᠠᠷ ᠪᠠᠵᠠᠭᠠᠵᠦ ᠪᠠᠶᠢᠯ᠎ᠠ᠃ ᠡᠬᠡᠨᠡᠷ ᠨᠢ᠄ ︽ᠭᠦᠶ᠋ᠢ︕ ᠴᠢ ᠰᠦᠯᠢᠶᠠᠷᠠᠴᠢᠬᠠᠪᠠ ᠤᠤ︖ ᠶᠠᠭᠤᠨ ᠳᠤ ᠲᠤᠷᠤᠢ ᠶᠢ ᠠᠯᠠᠨ᠎ᠠ ᠪᠤᠢ︖︾ ᠬᠡᠵᠦ ᠠᠭᠤᠷᠯᠠᠬᠤ ᠳᠤ᠂ ︽ᠴᠢ ᠲᠤᠷᠤᠢ ᠶᠢ ᠠᠯᠠᠵᠦ ᠭᠦᠦ ᠳᠤ ᠢᠳᠡᠭᠦᠯᠦᠨ᠎ᠡ ᠬᠡᠰᠡᠨ ᠪᠢᠰᠢ ᠤᠤ︾ ᠬᠡᠪᠡ᠃ ᠡᠬᠡ ᠨᠢ᠄ ︽ᠪᠢ ᠬᠡᠤᠬᠡᠳ ᠢ ᠬᠠᠭᠤᠷᠤᠭᠰᠠᠨ ᠲᠠᠳᠤᠢ︾ ᠬᠡᠭᠦ ᠳᠤ᠄ ︽ᠬᠡᠤᠬᠡᠳ ᠢ ᠬᠤᠳᠠᠯ ᠬᠡᠯᠡᠵᠦ ᠪᠤᠯᠬᠤ ᠦᠬᠡᠢ᠂ ᠬᠡᠤᠬᠡᠳ ᠢ ᠬᠤᠳᠠᠯ ᠬᠡᠯᠡᠪᠡᠯ ᠬᠤᠵᠢᠮ ᠭᠦᠦ ᠮᠢᠨᠢ ᠪᠠᠰᠠ ᠬᠤᠳᠠᠯᠴᠢ ᠪᠤᠯᠤᠨ᠎ᠠ︾ ᠬᠡᠵᠦ ᠡᠷ᠎ᠡ ᠨᠢ ᠬᠡᠯᠡᠭᠰᠡᠨ ᠬᠡᠨ᠎ᠡ᠃                                      ︵ᠬᠡᠬᠡᠨᠳᠢᠪ ᠡᠮᠬᠢᠳᠬᠡᠪᠡ︶
 
ᠢᠷᠡᠯᠲᠡ᠄ ᠭᠦᠷᠢᠶ᠎ᠡ ᠲᠡᠤᠬᠡ ᠰᠤᠶᠤᠯ ᠰᠤᠳᠤᠯᠤᠯ ᠤᠨ ᠴᠤᠪᠤᠷᠠᠯ ᠪᠢᠴᠢᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号