ᠨᠢᠬᠡ ᠬᠡᠤᠬᠡᠨ ᠤ ᠤᠴᠠᠷᠠᠭᠰᠠᠨ ᠬᠠᠳᠠᠮ ᠡᠵᠢ ᠨᠢ ᠮᠠᠰᠢ ᠬᠠᠯᠠ ᠲᠠᠢ ᠬᠡᠨ᠎ᠡ᠃ ᠴᠠᠭ ᠤᠨ ᠬᠤᠭᠤᠯᠠ ᠢᠳᠡᠭᠦ | ᠳᠤ ᠴᠦ ᠪᠡᠷᠢ ᠪᠠᠨ ︽ᠢᠯᠡᠭᠦᠦ ᠢᠳᠡᠵᠦ ᠪᠠᠶᠢᠨ᠎ᠠ᠂ ᠲᠤᠳᠠᠭᠤ ᠢᠳᠡᠵᠦ ᠪᠠᠶᠢᠨ᠎ᠠ︾ ᠬᠡᠳ ᠨᠢᠬᠡ ᠡᠷᠢᠨ ᠴᠦ | ᠴᠠᠳᠳᠠᠯ᠎ᠠ ᠢᠳᠡᠭᠦᠯᠭᠦ ᠦᠬᠡᠢ ᠬᠡᠨ᠎ᠡ᠃ ᠨᠡᠩ ᠠᠮᠳᠠᠳᠦ ᠬᠤᠭᠤᠯᠠ ᠬᠢᠪᠡᠯ᠂ ᠬᠠᠳᠠᠮ ᠡᠵᠢ ᠨᠢ ᠦᠪᠡᠷ ᠢᠶᠠᠨ ᠤᠷᠢᠳ | ᠢᠶᠠᠷ ᠰᠡᠮᠡᠬᠡᠷ ᠢᠳᠡᠵᠦ ᠠᠪᠤᠭᠠᠳ ᠬᠤᠭᠤᠯᠠᠨ ᠰᠢᠷᠡᠬᠡᠨ᠎ᠡ ᠰᠠᠭᠤᠪᠠᠯ ᠪᠠᠭ᠎ᠠ ᠯᠡ ᠢᠳᠡᠮᠡᠭᠴᠡ ᠴᠠᠳᠴᠢᠬᠠᠵᠦ᠂ ᠪᠡᠷᠢ | ᠪᠠᠨ ︽ᠠᠷᠪᠢᠨ ᠢᠳᠡᠵᠦ ᠪᠠᠶᠢᠨ᠎ᠠ᠂ ᠴᠢᠮᠠᠢᠢ ᠬᠡᠨ ᠲᠡᠵᠢᠬᠡᠵᠦ ᠲᠠᠶᠢᠯᠭᠦ ᠪᠤᠢ︖︾ ᠬᠡᠵᠦ ᠠᠭᠰᠤᠷᠳᠠᠭ ᠬᠡᠨ᠎ᠡ᠃ | ᠨᠢᠬᠡᠨ ᠪᠠᠩᠰᠢ ᠬᠢᠭᠰᠡᠨ ᠤᠷᠤᠢ ᠶᠢᠨ ᠬᠤᠭᠤᠯᠠᠨ ᠳᠤ᠂ ᠬᠡᠵᠢᠶᠠᠳᠠ ᠤᠯᠵᠦ ᠴᠠᠳᠬᠤ ᠦᠬᠡᠢ ᠪᠡᠷᠢ ᠨᠢ ᠪᠠᠩᠰᠢ | ᠪᠠᠨ ᠴᠢᠨᠠᠵᠦ ᠪᠠᠶᠢᠭᠰᠠᠭᠠᠷ ᠰᠢᠯᠦᠰᠦ ᠨᠢ ᠤᠷᠤᠰᠴᠦ ︽ᠬᠠᠳᠠᠮ ᠡᠵᠢ ᠶᠢ ᠦᠬᠡᠢ ᠵᠠᠪ ᠲᠤ ᠨᠢ ᠪᠠᠭ᠎ᠠ ᠴᠦ ᠬᠡᠳ | ᠤᠯᠵᠦ ᠢᠳᠡᠬᠡᠳ ᠠᠪᠤᠶ᠎ᠠ︾ ᠬᠡᠳ ᠨᠢᠬᠡ ᠪᠠᠩᠰᠢ ᠶᠢ ᠰᠢᠭᠦᠨ ᠠᠪᠴᠦ᠂ ᠡᠭᠦᠳᠡᠨ ᠠᠷᠦ ᠳᠤ ᠤᠷᠤᠬᠤ ᠬᠡᠳᠡᠯ᠎ᠠ | ᠡᠭᠦᠳᠡᠨ ᠠᠷᠦ ᠳᠤ ᠬᠠᠳᠠᠮ ᠡᠵᠢ ᠨᠢ ᠵᠤᠭᠰᠤᠭᠠᠳ ᠰᠢᠨᠠᠭ᠎ᠠ ᠲᠠᠢ ᠪᠠᠩᠰᠢ ᠪᠠᠨ ᠠᠮᠠ ᠠᠮᠠ ᠪᠠᠷ ᠴᠢᠬᠢᠵᠦ ᠪᠠᠶᠢᠭᠰᠠᠨ | ᠬᠡᠨ᠎ᠡ᠃ | ᠬᠠᠳᠠᠮ ᠡᠵᠢ ᠨᠢ ᠪᠡᠷᠢ ᠪᠠᠨ ᠦᠵᠡᠬᠡᠳ ᠰᠠᠨᠳᠤᠷᠬᠤ ᠳᠤ ᠪᠠᠨ᠄ ︽ᠡᠨᠡ ᠦᠭᠦᠯ ᠲᠠᠭᠠᠷᠢᠭᠰᠠᠨ ᠦᠯᠦᠭᠴᠢᠨ ᠴᠢ᠂ | ᠶᠠᠭᠠᠬᠢᠬᠤ ᠬᠡᠵᠦ ᠪᠠᠶᠢᠭ᠎ᠠ ᠴᠢᠨᠢ ᠡᠨᠡ ᠪᠤᠢ︾ ᠬᠡᠪᠡ᠃ ᠪᠡᠷᠢ ᠨᠢ ᠬᠠᠷᠢᠭᠤ ᠳᠤ ᠨᠢ᠄ ︽ᠡᠵᠢ ᠳᠤ ᠪᠠᠩᠰᠢ ᠨᠡᠮᠡᠵᠦ | ᠦᠭᠭᠦᠶ᠎ᠡ ᠬᠡᠰᠡᠨ ᠶᠤᠮ︾ ᠬᠡᠵᠦ ᠬᠠᠷᠢᠭᠤᠯᠤᠭᠰᠠᠨ ᠬᠡᠨ᠎ᠡ᠃ | ︵ᠬᠡᠬᠡᠨᠳᠢᠪ ᠡᠮᠬᠢᠳᠬᠡᠪᠡ︶ |