ᠨᠢᠬᠡᠨ ᠡᠳᠦᠷ᠂ ᠪᠠᠯᠭᠠᠠᠰᠠᠩ ᠸᠠᠩ ᠨᠤᠶᠠᠨ ᠲᠠᠢ ᠤᠴᠠᠷᠠᠪᠠ ᠬᠡᠨ᠎ᠡ᠃ ᠸᠠᠩ ᠨᠤᠶᠠᠨ ᠪᠠᠯᠭᠠᠠᠰᠠᠩ ᠢ᠄ ︽ᠴᠢ | ᠭᠦᠮᠦᠨ ᠢ ᠬᠤᠳᠠᠯ ᠬᠡᠯᠡᠭᠦ ᠳᠤ ᠪᠠᠨ ᠰᠠᠶᠢᠨ ᠬᠡᠰᠡᠨ᠃ ᠤᠳᠦ ᠴᠢ ᠨᠠᠮᠠᠢᠢ ᠨᠢᠬᠡ ᠬᠤᠳᠠᠯ ᠬᠡᠯᠡᠵᠦ ᠮᠤᠷᠢᠨ ᠲᠡᠬᠡᠷ᠎ᠡ | ᠠᠴᠠ ᠪᠠᠭᠤᠯᠭᠠᠴᠢᠬᠠ ᠳ᠋ᠠ︾ ᠬᠡᠭᠦ ᠳᠤ᠂ ᠪᠠᠯᠭᠠᠠᠰᠠᠩ᠄ ︽ᠪᠢ ᠴᠢᠮᠠᠢᠢ ᠮᠤᠷᠢᠨ ᠲᠡᠬᠡᠷ᠎ᠡ ᠠᠴᠠ ᠪᠠᠭᠤᠯᠭᠠᠵᠦ ᠲᠡᠶᠢᠯᠭᠦ | ᠦᠬᠡᠢ ᠬᠠᠷᠢᠨ ᠴᠢ ᠮᠤᠷᠢᠨ ᠲᠡᠬᠡᠷ᠎ᠡ ᠠᠴᠠ ᠪᠠᠨ ᠪᠠᠭᠤᠭᠠᠳ ᠪᠠᠶᠢᠪᠠᠯ᠂ ᠬᠤᠳᠠᠯ ᠬᠡᠯᠡᠵᠦ ᠪᠠᠶᠢᠭᠠᠳ ᠮᠤᠷᠢᠨ ᠲᠡᠬᠡᠷ᠎ᠡ | ᠴᠢᠨᠢ ᠭᠠᠷᠭᠠᠵᠦ ᠲᠡᠶᠢᠯᠦᠨ᠎ᠡ︾ ᠬᠡᠪᠡ᠃ ︽ᠵᠠ᠂ ᠲᠡᠬᠡᠪᠡᠯ ᠪᠤᠯᠤᠨ᠎ᠠ︾ ᠬᠡᠳ ᠸᠠᠩ ᠨᠤᠶᠠᠨ ᠮᠤᠷᠢᠨ ᠠᠴᠠ ᠪᠠᠨ | ᠪᠠᠭᠤᠵᠦ ᠢᠷᠡᠪᠡ᠃ ᠪᠠᠯᠭᠠᠠᠰᠠᠩ ᠠᠯᠠᠭ᠎ᠠ ᠪᠠᠨ ᠲᠠᠰᠢᠵᠦ᠄ ︽ᠮᠤᠷᠢᠨ ᠠᠴᠠ ᠴᠢᠨᠢ ᠪᠠᠭᠤᠯᠭᠠᠴᠢᠬᠠᠭᠰᠠᠨ ᠪᠢᠰᠢ ᠤᠤ︾ | ᠬᠡᠪᠡ᠃ ᠸᠠᠩ ᠨᠤᠶᠠᠨ ᠮᠡᠬᠡᠯᠡᠭᠳᠡᠭᠰᠡᠨ ᠢᠶᠠᠨ ᠮᠡᠳᠡᠵᠦ᠂ ᠴᠡᠬᠡᠵᠢ ᠪᠠᠨ ᠲᠡᠯᠪᠡᠷᠡᠳᠡᠯᠡ ᠠᠭᠤᠷᠯᠠᠵᠦ ᠭᠦᠯᠳᠡᠬᠡᠵᠦ | ᠠᠯᠠᠬᠤ ᠬᠡᠤᠨ ᠪᠠᠯᠭᠠᠠᠰᠠᠩ ᠢ ᠲᠡᠬᠡᠷᠮᠡ ᠶᠢᠨ ᠬᠡᠷ ᠲᠤ ᠪᠠᠨ ᠬᠤᠷᠢᠨ ᠲᠠᠯᠪᠢᠪᠡ᠃ ᠪᠠᠯᠭᠠᠠᠰᠠᠩ ᠳᠠᠩ ᠴᠠᠮᠴᠠ ᠪᠠᠷ | ᠢᠶᠠᠨ ᠲᠡᠬᠡᠷᠮᠠ ᠵᠢᠳᠭᠦᠵᠦ ᠰᠦᠨᠢᠵᠢᠨ ᠭᠦᠶᠦᠬᠡᠤᠨ ᠭᠦᠯᠦᠰᠦ ᠤᠷᠤᠰᠴᠦ ᠯᠡ ᠪᠠᠶᠢᠯ᠎ᠠ᠃ ᠮᠠᠷᠭᠠᠰᠢ ᠦᠷᠯᠦᠬᠡ ᠨᠢ | ᠸᠠᠩ ᠨᠤᠶᠠᠨ ᠪᠠᠯᠭᠠᠠᠰᠠᠩ ᠭᠦᠯᠳᠡᠵᠦ ᠦᠭᠦᠭᠰᠡᠨ ᠪᠠᠶᠢᠯᠭᠦᠢ ᠬᠡᠤᠨ ᠲᠡᠬᠡᠷᠮᠡ ᠶᠢᠨ ᠬᠡᠷ ᠲᠤ ᠤᠷᠤᠵᠦ ᠦᠵᠡᠭᠰᠡᠨ | ᠳᠤ᠂ ᠪᠠᠯᠭᠠᠠᠰᠠᠩ ᠭᠦᠯᠳᠡᠵᠦ ᠦᠭᠦᠭᠰᠡᠨ ᠦᠬᠡᠢ ᠲᠡᠬᠡᠷ᠎ᠡ ᠪᠠᠨ ᠭᠦᠯᠦᠰᠦ ᠤᠷᠤᠰᠴᠦ ᠪᠠᠶᠢᠯ᠎ᠠ᠃ ︽ᠭᠦᠶ᠋ᠢ︕ ᠴᠢ | ᠶᠠᠭᠠᠬᠢᠭᠠᠳ ᠭᠦᠯᠳᠡᠵᠦ ᠦᠭᠦᠭᠰᠡᠨ ᠦᠬᠡᠢ ᠪᠤᠢ︖︾ ᠬᠡᠭᠦ ᠳᠤ᠄ ︽ᠮᠢᠨᠤ ᠡᠨᠡ ᠳᠠᠩ ᠴᠠᠮᠴᠠ ᠪᠤᠯ ᠡᠷᠳᠡᠨᠢ ᠶᠢᠨ | ᠴᠠᠮᠴᠠ ᠮᠦᠨ᠂ ᠭᠦᠢᠳᠡᠨ ᠳᠤ ᠲᠠᠭᠠᠷᠠᠬᠤ ᠦᠬᠡᠢ᠂ ᠬᠠᠯᠠᠭᠤᠨ ᠳᠤ ᠬᠠᠯᠠᠭᠤᠳᠠᠬᠤ ᠦᠬᠡᠢ︾ ᠬᠡᠭᠦ ᠳᠤ᠂ ᠸᠠᠩ | ᠨᠤᠶᠠᠨ ᠤ ᠬᠤᠪᠳᠤᠭ ᠰᠠᠨᠠᠭ᠎ᠠ ᠨᠢ ᠭᠦᠳᠡᠯᠵᠦ ︽ᠡᠨᠡ ᠡᠷᠳᠡᠨᠢ ᠶᠢᠨ ᠴᠠᠮᠴᠠ ᠶᠢ ᠨᠢ ᠠᠪᠤᠶ᠎ᠠ︾ ᠬᠡᠵᠦ ᠪᠤᠳᠤᠭᠠᠳ | ᠳᠠᠩ ᠴᠠᠮᠴᠠ ᠶᠢ ᠨᠢ ᠰᠤᠯᠢᠨ ᠡᠮᠦᠰᠴᠦ᠂ ᠲᠡᠬᠡᠷᠮᠠ ᠶᠢᠨ ᠬᠡᠷ ᠲᠤ ᠬᠤᠨᠤᠪᠠ᠃ ᠮᠠᠷᠭᠠᠰᠢ ᠦᠷᠯᠦᠬᠡ ᠨᠢ ᠭᠦᠮᠦᠰ | ᠤᠷᠤᠵᠦ ᠦᠵᠡᠭᠦ ᠳᠤ ᠸᠠᠩ ᠨᠤᠶᠠᠨ ᠭᠦᠯᠳᠡᠵᠦ ᠦᠭᠦᠬᠡᠳ ᠪᠠᠶᠢᠪᠠ ᠬᠡᠨ᠎ᠡ᠃ | ︵ᠬᠡᠬᠡᠨᠳᠢᠪ ᠡᠮᠬᠢᠳᠬᠡᠪᠡ︶ |