ᠦᠨᠡᠭᠡ ᠮᠤᠤᠷ ᠬᠤᠶᠠᠷ
ᠨᠡᠶᠢᠲᠡᠯᠡᠭᠰᠡᠨ ᠴᠠᠭ᠄
2024/4/16
  ᠨᠢᠬᠡᠨ ᠪᠠᠯᠠᠷ ᠤᠢ ᠶᠢᠨ ᠭᠦᠪᠡᠬᠡᠨ ᠲᠡᠬᠡᠷ᠎ᠡ ᠦᠨᠡᠭᠡ ᠮᠤᠤᠷ ᠬᠤᠶᠠᠷ ᠤᠴᠠᠷᠠᠵᠠᠢ ᠬᠡᠨ᠎ᠡ᠃ ᠢᠩᠬᠢᠬᠡᠳ ᠦᠨᠡᠭᠡ ᠮᠤᠤᠷ ᠠᠴᠠ ᠠᠰᠠᠭᠤᠭᠰᠠᠨ ᠨᠢ᠄ ︽ᠭᠦᠶ᠋ᠢ︕ ᠮᠤᠤᠷ ᠭᠤᠸᠠᠢ︕ ᠴᠢ ᠬᠡᠷᠪᠡ ᠠᠪᠤᠨ ᠪᠠᠷᠢᠨ ᠠᠮᠢ ᠨᠠᠰᠤᠨ ᠤ ᠠᠶᠤᠯ ᠲᠦᠩᠰᠢᠭᠦᠷᠢ ᠲᠤᠯᠭᠠᠷᠠᠪᠠᠯ ᠵᠠᠶᠢᠯᠠᠭᠤᠯᠬᠤ ᠠᠷᠭ᠎ᠠ ᠬᠡᠳᠦᠢ ᠪᠠᠶᠢᠨ᠎ᠠ ᠳ᠋ᠠ︖︾ ᠬᠡᠪᠡ᠃ ᠪᠢᠴᠢᠬᠠᠨ ᠮᠤᠤᠷ ᠦᠨᠡᠨ ᠢᠶᠠᠨ ᠬᠡᠯᠡᠵᠡᠢ᠄ ︽ᠨᠠᠳᠠ ᠵᠦᠪᠬᠡᠨ ᠨᠢᠬᠡ ᠯᠡ ᠠᠷᠭ᠎ᠠ ᠪᠠᠶᠢᠨ᠎ᠠ︾ ᠬᠡᠪᠡ᠃ ᠦᠨᠡᠭᠡ ᠶᠡᠭᠡ ᠯᠡ ᠡᠷᠳᠦᠶᠢᠨ ᠠᠭᠠᠰᠢᠯᠠᠵᠦ᠄ ︽ᠴᠢ ᠰᠠᠶ᠋ᠢ ᠨᠢᠬᠡ ᠯᠡ ᠠᠷᠭ᠎ᠠ ᠪᠠᠶᠢᠨ᠎ᠠ ᠤᠤ ᠳ᠋ᠠ︖ ᠬᠠᠷᠢᠨ ᠪᠢ ᠪᠤᠯ ᠵᠦᠢᠯ ᠵᠦᠢᠯ ᠤᠨ ᠠᠷᠭ᠎ᠠ ᠤᠯᠠᠨ ᠪᠠᠶᠢᠨ᠎ᠠ ᠰᠢᠦ︾ ᠬᠡᠯ᠎ᠡ᠃ ᠮᠤᠤᠷ ᠰᠤᠨᠤᠰᠤᠭᠠᠳ᠄ ︽ᠲᠠᠶᠢᠮᠦ ᠪᠤᠯ ᠠᠷᠭ᠎ᠠ ᠶᠡᠬᠡᠳᠠᠢ ᠲᠠ ᠨᠠᠳᠠ ᠨᠢᠬᠡ ᠬᠡᠳᠦᠨ ᠵᠦᠢᠯ ᠢ ᠵᠢᠭᠠᠵᠦ ᠦᠭᠭᠦ ᠤᠤ︖︾ ᠬᠡᠵᠦ ᠭᠤᠶᠤᠴᠢᠯᠠᠪᠠ᠃ ᠦᠨᠡᠭᠡ ᠲᠡᠷᠡ ᠲᠠᠷᠤᠢ᠄ ︽ᠪᠤᠯᠬᠤ ᠦᠬᠡᠢ᠂ ᠪᠤᠯᠬᠤ ᠦᠬᠡᠢ᠂ ᠪᠢ ᠪᠦᠷ ᠪᠤᠰᠤᠳ ᠲᠤ ᠵᠢᠭᠠᠴᠢᠬᠠᠭᠠᠳ ᠬᠤᠵᠢᠮ ᠪᠢ ᠠᠶᠤᠯ ᠲᠤᠯᠭᠠᠷᠠᠪᠠᠯ ᠴᠤᠬᠤᠮ ᠶᠠᠭᠠᠬᠢᠳᠠᠭ ᠪᠢᠯᠡ︕︾ ᠬᠡᠵᠦ ᠲᠤᠯᠤᠭᠠᠢ ᠰᠠᠵᠢᠪᠠ᠃ ᠢᠩᠬᠢᠵᠦ ᠬᠡᠯᠡᠯᠴᠠᠵᠦ ᠪᠠᠶᠢᠳᠠᠯ᠎ᠠ ᠲᠦᠷᠪᠡ ᠲᠠᠪᠤᠨ ᠠᠩ ᠤᠨ ᠨᠤᠬᠠᠳ ᠭᠦᠶᠦᠨ ᠢᠷᠡᠭᠦ ᠳᠤ᠂ ᠪᠢᠴᠢᠬᠠᠨ ᠮᠤᠤᠷ ᠰᠠᠨᠳᠤᠷᠠᠭᠰᠠᠨ ᠭᠦᠴᠦᠨ ᠳᠤ ᠪᠠᠨ ᠮᠤᠳᠤᠨ ᠲᠡᠬᠡᠷ᠎ᠡ ᠠᠪᠠᠷᠢᠨ ᠭᠠᠷᠴᠦ᠂ ᠠᠷᠭ᠎ᠠ ᠶᠡᠬᠡᠳᠠᠢ ᠦᠨᠡᠭᠡ ᠶᠢ ᠪᠠᠷᠠᠯᠠᠨ ᠦᠵᠡᠭᠦ ᠳᠤ ᠲᠦᠷᠪᠡ ᠲᠠᠪᠤᠨ ᠠᠩ ᠤᠨ ᠨᠤᠬᠠᠢ ᠲᠦᠷᠪᠡᠨ ᠲᠠᠯ᠎ᠠ ᠠᠴᠠ ᠨᠢ ᠦᠨᠡᠭᠡ ᠶᠢ ᠬᠤᠮᠢᠵᠦ ᠠᠪᠤᠭᠠᠳ ᠠᠮᠠᠨ ᠭᠦᠵᠦᠭᠦᠨ ᠠᠴᠠ ᠨᠢ ᠬᠠᠵᠠᠵᠦ ᠪᠠᠶᠢᠭᠠᠳ ᠠᠯᠠᠪᠠ ᠬᠡᠨ᠎ᠡ᠃ ᠮᠤᠤᠷ ᠮᠤᠳᠤᠨ ᠲᠡᠬᠡᠷ᠎ᠡ ᠠᠴᠠ ᠮᠠᠭᠤᠬᠠᠢ ᠨᠢᠳᠦ ᠪᠠᠷ ᠰᠢᠷᠳᠡᠵᠦ᠄ ︽ᠵᠢᠰᠦᠷ ᠵᠠᠯᠢᠬᠠᠢ᠂ ᠬᠠᠷᠠᠮᠴᠢ ᠵᠠᠩᠳᠠᠢ ᠦᠨᠡᠭᠡ ᠴᠢ ᠮᠠᠭᠤ ᠰᠠᠨᠠᠭᠠᠨ ᠳᠤ ᠪᠠᠨ ᠦᠭᠦᠵᠦ ᠲᠦᠭᠦᠷᠦᠯ᠎ᠠ ᠪᠠ︕︾ ᠬᠡᠵᠦ ᠨᠢᠳᠦ ᠪᠠᠨ ᠲᠠᠬᠢᠨ ᠲᠠᠪᠳᠠᠨ ᠠᠨᠢᠪ ᠠᠨᠢᠪ ᠬᠡᠵᠦ ᠬᠠᠷᠠᠯ᠎ᠠ ᠬᠡᠨ᠎ᠡ᠃                                                   ︵ᠰ᠊  ᠂ ᠠᠶᠤᠯᠭᠦᠢ ᠡᠮᠬᠢᠳᠬᠡᠪᠡ︶
 
ᠢᠷᠡᠯᠲᠡ᠄ ᠭᠦᠷᠢᠶ᠎ᠡ ᠬᠤᠰᠢᠭᠤᠨ ᠤ ᠰᠤᠶᠤᠯ ᠰᠤᠳᠤᠯᠤᠯ ᠤᠨ ᠴᠤᠪᠤᠷᠠᠯ ᠪᠢᠴᠢᠭ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号